ᠲᠠᠨ ᠤ᠋ ᠡᠷᢈᠡ ᠵᠦᠢ ᠶ᠋ᠢᠨ ᠮᠡᠳᠡᠯᢉᠡ ᠳ᠋ᠦ: ᢉᠡᠮᠲᠦ ᢈᠡᠷᠡᢉ ᠦ᠋ᠨ ᠲᠠᠯᠠᠭᠠᠷᢈᠢ ᠭᠣᠮᠤᠳᠠᠯ᠂ ᠮᠡᠳᠡᢉᠡᠯᠡᠯ ᠢ᠋ ᢈᠡᠳᠦ ᠬᠣᠨᠣᠭ ᠰᠢᠯᠭᠠᠬᠤ ᠪᠤᠢ?
ᠮᠥᠷᠳᠡᢉᠴᠢ ᢉᠡᠮᠲᠦ ᢈᠡᠷᠡᢉ ᠦ᠋ᠨ ᠲᠠᠯᠠᠭᠠᠷᢈᠢ ᠭᠣᠮᠤᠳᠠᠯ᠂ ᠮᠡᠳᠡᢉᠡᠯᠡᠯ ᠢ᠋ ᢈᠢᠨᠠᠨ ᠦᠵᠡᢉᠡᠳ ᢉᠡᠮᠲᠦ ᢈᠡᠷᠡᢉ ᠦ᠋ᠨ ᠰᠢᠨᠵᠢ ᠪᠠᠶᠢᠭᠠ ᠡᠰᠡᢈᠦ ᠶ᠋ᠢ ᠲᠣᠭᠲᠠᠭᠠᠬᠤ ᠱᠠᠭᠠᠷᠳᠯᠠᠭᠠ ᠲᠠᠢ ᠪᠣᠯ ᠭᠣᠮᠤᠳᠠᠯ᠂ ᠮᠡᠳᠡᢉᠡᠯᠡᠯ ᠢ᠋ ᢈᠦᠯᠢᠶᠡᠨ ᠠᠪᠤᠭᠰᠠᠨ ᠠ᠋ᠴᠠ ᠬᠣᠶᠢᠰᠢ ᠕ ᠬᠣᠨᠣᠭ ᠤ᠋ᠨ ᠳᠣᠲᠤᠷᠠ ᠳᠠᠷᠠᠭᠠᢈᠢ ᠮᠥᠷᠳᠡᠨ ᠰᠢᠯᠭᠠᠬᠤ ᠠᠵᠢᠯᠯᠠᠭᠠ ᠶᠠᠪᠤᠭᠤᠯᠵᠤ ᠪᠣᠯᠤᠨᠠ᠃
- ᠦᠵᠡᠯᢉᠡ ᢈᠢᢈᠦ;
- ᠰᠢᠨᠵᠢᠯᠡᢉᠡᠨ ᠳ᠋ᠦ ᠵᠣᠷᠢᠭᠤᠯᠵᠤ ᠳᠡᢉᠡᠵᠢ᠂ ᠬᠤᠷᠤᠭᠤᠨ ᠤ᠋ ᢈᠡᢉᠡ᠂ ᠤᠯ ᠮᠥᠷ ᠦ᠋ ᢈᠡᠪ ᠠᠪᠬᠤ;
- ᠬᠣᢈᠢᠷᠠᠭᠴᠢ᠂ ᢉᠡᠷᠡᠴᠢ᠂ ᠰᠡᠵᠢᢉᠲᠡᠨ ᠡᠴᠡ ᠮᠡᠳᠡᢉᠦᠯᢉᠡ ᠠᠪᠬᠤ;
- ᢈᠡᠷᠡᢉ ᠲᠦ ᠠᠴᠢ ᠬᠣᠯᠪᠣᠭᠳᠠᠯ ᠪᠦᢈᠦᠢ ᠲᠡᢉᠡᠪᠦᠷᠢ ᠶ᠋ᠢᠨ ᢈᠡᠷᠡᢉᠰᠡᠯ᠂ ᠮᠥᠩᢉᠦ᠂ ᠡᠳ ᠵᠦᠢᠯ ᠢ᠋ ᠬᠤᠷᠠᠵᠤ ᠠᠪᠬᠤ;
- ᠡᠳ ᢈᠥᠷᠦᠩᢉᠡ ᠶ᠋ᠢ ᠪᠢᠲᠡᢉᠦᠮᠵᠢᠯᠡᢈᠦ᠃
- ᠰᠢᠨᠵᠢᠯᠡᢉᠡ ᢈᠢᠯᢉᠡᢈᠦ ᠰᠢᠢᠳ᠋ᠪᠦᠷᠢ ᠭᠠᠷᠭᠠᠬᠤ᠃
ᠱᠠᠭᠠᠷᠳᠯᠠᠭᠠ ᠲᠠᠢ ᠲᠣᢈᠢᠶᠠᠯᠳᠠᠯ ᠳ᠋ᠤ ᠮᠥᠷᠳᠡᠨ ᠰᠢᠯᠭᠠᠬᠤ ᠠᠵᠢᠯᠯᠠᠭᠠ ᠶᠠᠪᠤᠭᠤᠯᠬᠤ ᠠᠯᠪᠠᠨ ᠤ᠋ ᠳᠠᠷᠤᠭᠠ ᠡᠨᠡ ᠵᠦᠢᠯ ᠦ᠋ᠨ ᠑ ᠳ᠋ᠡᢈᠢ ᢈᠡᠰᠡᢉ ᠲᠦ ᠵᠠᠭᠠᠭᠰᠠᠨ ᠬᠤᠭᠤᠴᠠᠭᠠ ᠶ᠋ᠢ ᠨᠢᢉᠡ ᠤᠳᠠᠭᠠ ᠑᠔ ᢈᠦᠷᠲᠡᠯᠡ ᠬᠣᠨᠣᠭ ᠢ᠋ᠶᠠᠷ ᠰᠤᠩᠭᠠᠵᠤ ᠪᠣᠯᠤᠨᠠ᠃
