“ᢈᠦᠮᠦᠨ ᠦ᠋ ᠡᠷᢈᠡ ᠪᠠ ᠫᠷᠤᠻᠦᠷᠤᠷ” ᠰᠡᠳᠦᠪᠲᠦ ᠠᠭᠤᠯᠵᠠᠯᠲᠠ᠂ ᠶᠠᠷᠢᠯᠴᠠᠯᠭᠠ ᠵᠣᢈᠢᠶᠠᠨ ᠪᠠᠶᠢᠭᠤᠯᠤᠯᠠ
ᠫᠷᠣᠻᠦ᠋ᠷᠣᠷ ᠤ᠋ᠨ ᠪᠠᠶᠢᠭᠤᠯᠤᠯᠭᠠ ᠠ᠋ᠴᠠ ᢈᠦᠮᠦᠨ ᠦ᠋ ᠡᠷᢈᠡ᠂ ᠡᠷᢈᠡ ᠴᠢᠯᠦᢉᠡ᠂ ᠨᠡᠶᠢᠲᠡ ᠶ᠋ᠢᠨ ᠠᠰᠢᠭ ᠰᠣᠨᠢᠷᠬᠠᠯ ᠢ᠋ ᠬᠠᠮᠠᠭᠠᠯᠠᠬᠤ ᠠᠵᠢᠯ ᠢ᠋ ᠡᠷᠴᠢᠮᠵᠢᢉᠦᠯᢈᠦ᠂ ᠢᠷᢉᠡᠨ ᠦ᠋ ᠨᠡᠶᠢᢉᠡᠮ ᠦ᠋ᠨ ᠪᠠᠶᠢᠭᠤᠯᠤᠯᠭᠠ ᠨᠤᠭᠤᠳ ᠲᠠᠢ ᠬᠠᠮᠲᠤ ᠶ᠋ᠢᠨ ᠠᠵᠢᠯᠯᠠᠭᠠ ᠶ᠋ᠢ ᠥᠷᢉᠡᠵᠢᢉᠦᠯᢈᠦ ᠵᠣᠷᠢᠯᠭᠠ ᠪᠠᠷ ᠵᠣᢈᠢᠶᠠᠨ ᠪᠠᠶᠢᠭᠤᠯᠳᠠᠭ “ᢈᠦᠮᠦᠨ ᠦ᠋ ᠡᠷᢈᠡ ᠪᠠ ᠫᠷᠤᠻᠦᠷᠤᠷ” ᠰᠡᠳᠦᠪᠲᠦ ᠠᠭᠤᠯᠵᠠᠯᠲᠠ᠂ ᠶᠠᠷᠢᠯᠴᠠᠯᠭᠠ ᠶ᠋ᠢ ᠒᠐᠒᠖ ᠣᠨ ᠤ᠋ ᠑᠑ ᠳ᠋ᠦ᠋ᢉᠡᠷ ᠰᠠᠷᠠ ᠶ᠋ᠢᠨ ᠑᠖- ᠤ᠋ ᠡᠳᠦᠷ ᠬᠣᠶᠠᠷ ᠳ᠋ᠠᢈᠢ ᠵᠢᠯ ᠳ᠋ᠦ ᠪᠡᠨ ᠵᠣᢈᠢᠶᠠᠨ ᠪᠠᠶᠢᠭᠤᠯᠤᠯᠠ᠃

ᠡᠨᠡ ᠤᠳᠠᠭᠠ ᠶ᠋ᠢᠨ ᠠᠷᠭᠠ ᢈᠡᠮᠵᠢᠶᠡᠨ ᠳ᠋ᠦ ᢉᠯᠣᠪ ᠢᠨ᠋ᠲ᠋ᠧᠷᠨᠧᠱᠢᠨ᠋ᠯ ᠲᠥᠪ᠂ ᠨᠡᢉᠡᢉᠡᠯᠲᠡ ᠲᠡᠢ ᠨᠡᠶᠢᢉᠡᠮ ᠹᠣᠷᠦᠮ᠂ ᠮᠣᠩᠭᠣᠯ ᠤ᠋ᠨ ᠡᠮᠨᠧᠰᠲ ᠢᠨ᠋ᠲ᠋ᠧᠷᠨᠧᠱᠢᠨ᠋ᠯ᠂ ᠬᠠᠤᠯᠢ᠂ ᠡᠷᢈᠡ ᠵᠦᠢ ᠶ᠋ᠢᠨ ᢈᠥᢉᠵᠢᠯ ᠦ᠋ᠨ ᢈᠦᠷᠢᠶᠡᠯᠡᠩ᠂ ᠣᠶᠤᠨ ᠤ᠋ ᠢᠨ᠋ ᠨᠣᠸᠠᠼᠢ᠂ ᠰᠡᠳᢈᠢᠯ ᠵᠦᠢ ᠶ᠋ᠢᠨ ᠮᠡᠳᠡᠷᠡᠮᠵᠢ᠂ ᢈᠦᠴᠦᠷᢈᠡᠶᠢᠯᠡᠯ ᠦ᠋ᠨ ᠡᠰᠡᠷᢉᠦ ᠦᠨᠳᠦᠰᠦᠨ ᠦ᠋ ᠲᠥᠪ ᠵᠡᠷᢉᠡ ᠢᠷᢉᠡᠨ ᠦ᠋ ᠨᠡᠶᠢᢉᠡᠮ ᠦ᠋ᠨ ᠪᠠᠶᠢᠭᠤᠯᠤᠯᠭᠠ ᠶ᠋ᠢᠨ ᠲᠥᠯᠦᢉᠡᠯᠡᠯ ᠣᠷᠤᠯᠴᠠᠯᠠ᠃

ᠫᠷᠣᠻᠦ᠋ᠷᠣᠷ ᠤ᠋ᠨ ᠪᠠᠶᠢᠭᠤᠯᠤᠯᠭᠠ ᠠ᠋ᠴᠠ ᢈᠦᠮᠦᠨ ᠦ᠋ ᠡᠷᢈᠡ ᠶ᠋ᠢ ᠬᠠᠩᠭᠠᠬᠤ᠂ ᠬᠠᠮᠠᠭᠠᠯᠠᠬᠤ ᠴᠢᢉᠯᠡᠯ ᠢ᠋ᠶᠡᠷ ᢈᠡᠷᠡᢉᠵᠢᢉᠦᠯᠵᠦ ᠪᠤᠢ ᠠᠵᠢᠯ᠂ ᠠᠷᠭᠠ ᢈᠡᠮᠵᠢᠶᠡ᠂ ᠮᠥᠨ ᠡᠮᠦᠨᠡᢈᠢ ᠠᠭᠤᠯᠵᠠᠯᠲᠠ ᠶ᠋ᠢᠨ ᢈᠦᠷᠢᠶᠡᠨ ᠳ᠋ᠦ ᠢᠷᢉᠡᠨ ᠦ᠋ ᠨᠡᠶᠢᢉᠡᠮ ᠦ᠋ᠨ ᠪᠠᠶᠢᠭᠤᠯᠤᠯᠭᠠ ᠨᠤᠭᠤᠳ ᠠ᠋ᠴᠠ ᠥᢉᠦᢉᠰᠡᠨ ᠰᠠᠨᠠᠯ ᠤ᠋ᠨ ᢈᠦᠷᠢᠶᠡᠨ ᠳ᠋ᠦ ᠠᠪᠴᠤ ᢈᠡᠷᠡᢉᠵᠢᢉᠦᠯᠦᢉᠰᠡᠨ ᠠᠵᠢᠯ᠂ ᠠᠷᠭᠠ ᢈᠡᠮᠵᠢᠶᠡᠨ ᠦ᠋ ᠲᠠᠯᠠ ᠪᠠᠷ ᠮᠡᠳᠡᢉᠡᠯᠡᠯ ᠥᢉᠯᠦᢉᠡ᠃

ᠴᠠᠭᠠᠰᠢᠳᠠ ᢈᠦᠮᠦᠨ ᠦ᠋ ᠡᠷᢈᠡ ᠶ᠋ᠢᠨ ᠬᠠᠮᠠᠭᠠᠯᠠᠯᠲᠠ ᠶ᠋ᠢ ᠪᠡᢈᠡᠵᠢᢉᠦᠯᢈᠦ᠂ ᢉᠡᠮᠲᠦ ᢈᠡᠷᠡᢉ᠂ ᠵᠥᠷᠢᠴᠡᠯ ᠡᠴᠡ ᠤᠷᠢᠳᠴᠢᠯᠠᠨ ᠰᠡᠷᢉᠡᠶᠢᠯᠡᢈᠦ᠂ ᠢᠷᢉᠡᠳ ᠦ᠋ᠨ ᠡᠷᢈᠡ ᠵᠦᠢ ᠶ᠋ᠢᠨ ᠮᠡᠳᠡᠯᢉᠡ ᠶ᠋ᠢ ᠳᠡᢉᠡᠰᠢᠯᠡᢉᠦᠯᢈᠦ ᠴᠢᢉᠯᠡᠯ ᠢ᠋ᠶᠡᠷ ᢈᠡᠯᠡᠯᠴᠡᢉᠦᠯᢉᠡ᠂ ᠰᠤᠷᠭᠠᠯᠲᠠ᠂ ᠨᠥᠯᠦᢉᠡᠯᠡᠯ ᠦ᠋ᠨ ᠠᠷᠭᠠ ᢈᠡᠮᠵᠢᠶᠡ ᠶ᠋ᠢ ᠬᠠᠮᠲᠤᠷᠠᠨ ᠵᠣᢈᠢᠶᠠᠨ ᠪᠠᠶᠢᠭᠤᠯᠬᠤ ᠪᠠᠷ ᠰᠠᠨᠠᠯ ᠰᠣᠯᠢᠯᠴᠠᠪᠠ᠃
ᠠᠭᠤᠯᠵᠠᠯᠲᠠ ᠳ᠋ᠤ ᠣᠷᠣᠯᠴᠠᠭᠴᠢᠳ ᠫᠷᠣᠻᠦ᠋ᠷᠣᠷ ᠤ᠋ᠨ ᠪᠠᠶᠢᠭᠤᠯᠤᠯᠭᠠ ᠠ᠋ᠴᠠ ᠵᠢᠯ ᠪᠦᠷᠢ ᠢᠷᢉᠡᠨ ᠦ᠋ ᠨᠡᠶᠢᢉᠡᠮ ᠦ᠋ᠨ ᠪᠠᠶᠢᠭᠤᠯᠤᠯᠭᠠ ᠶ᠋ᠢᠨ ᠲᠥᠯᠦᢉᠡᠯᠡᠯ ᠢ᠋ ᢈᠦᠯᠢᠶᠡᠨ ᠠᠪᠴᠤ ᠠᠭᠤᠯᠵᠠᠨ᠂ ᠰᠠᠨᠠᠯ ᢈᠦᠰᠡᠯᠲᠡ ᠶ᠋ᠢ ᠨᠢ ᠰᠣᠨᠣᠰᠴᠤ᠂ ᠴᠠᠭᠠᠰᠢᠳᠠ ᠦᠢᠯᠡ ᠠᠵᠢᠯᠯᠠᠭᠠᠨ ᠳ᠋ᠤ ᠨᠡᠪᠲᠡᠷᠡᢉᠦᠯᠵᠦ ᠪᠤᠢ ᠳ᠋ᠤ ᠲᠠᠯᠠᠷᠬᠠᠵᠤ ᠪᠠᠶᠢᠭᠠ ᠪᠠᠨ ᠢᠯᠡᠷᢈᠡᠶᠢᠯᠡᠯᠡᢉᠡ᠃



