ᠠᠪᠢᠯᠭᠠ ᠶ᠋ᠢᠨ ᢈᠡᠷᠡᢉ ᠢ᠋ ᠰᠢᢉᠦᢈᠦ ᠪᠡᠷ ᠰᠢᠢᠳᠪᠦᠷᠢᠯᠡᢉᠦᠯᠪᠡ
ᠡᠨᠡᢈᠦ ᠮᠡᠳᠡᢉᠡᠯᠡᠯ ᠨᠢ ᢉᠡᠮᠲᠦ ᢈᠡᠷᠡᢉ ᠡᠴᠡ ᠤᠷᠢᠳᠴᠢᠯᠠᠨ ᠰᠡᠷᢉᠡᠶᠢᠯᠡᢈᠦ᠂ ᠣᠯᠠᠨ ᠨᠡᠶᠢᠲᠡ ᠳ᠋ᠦ ᠡᠷᠦᢉᠦ ᠶ᠋ᠢᠨ ᠬᠠᠤᠯᠢ ᠳ᠋ᠤ ᠵᠠᠭᠠᠭᠰᠠᠨ ᢉᠡᠮᠲᠦ ᢈᠡᠷᠡᢉ ᠦ᠋ᠨ ᠲᠠᠯᠠᠭᠠᠷᢈᠢ ᠣᠶᠢᠯᠭᠠᠯᠲᠠ᠂ ᢈᠡᠷᠡᢉ ᠦ᠋ᠨ ᠰᠢᠢᠳᠪᠦᠷᠢᠯᠡᠯᠲᠡ ᠶ᠋ᠢ ᠣᠶᠢᠯᠭᠠᠮᠵᠢ ᠲᠠᠢ ᠪᠠᠶᠢᠳᠠᠯ ᠢ᠋ᠶᠠᠷ ᠮᠡᠳᠡᢉᠡᠯᠡᢈᠦ ᠵᠣᠷᠢᠯᠭᠠ ᠲᠠᠢ᠃
ᠫᠷᠤᠻᠦᠷᠤᠷ ᠤ᠋ᠨ ᠪᠠᠶᠢᠭᠤᠯᠤᠯᠭᠠ ᠒᠐᠒᠖ ᠣᠨ ᠤ᠋ ᠑᠑ ᠳ᠋ᠦ᠋ᢉᠡᠷ ᠰᠠᠷᠠ ᠶ᠋ᠢᠨ ᠐᠖- ᠤ᠋ ᠡᠳᠦᠷ ᠦ᠋ᠨ ᠪᠠᠶᠢᠳᠠᠯ ᠢ᠋ᠶᠠᠷ ᠡᠷᠦᢉᠦ ᠶ᠋ᠢᠨ ᠬᠠᠤᠯᠢ ᠶ᠋ᠢᠨ ᠒᠒ ᠳ᠋ᠤᠭᠠᠷ ᠪᠦᠯᠦᢉ ᠲᠦ ᠵᠠᠭᠠᠭᠰᠠᠨ ᠠᠪᠢᠯᠭᠠ ᠶ᠋ᠢᠨ ᢉᠡᠮᠲᠦ ᢈᠡᠷᠡᢉ ᠲᠦ ᠶᠠᠯᠯᠠᠭᠳᠠᠭᠴᠢ ᠪᠠᠷ ᠲᠠᠲᠠᠭᠳᠠᠭᠰᠠᠨ ᠖᠐᠓ ᢈᠦᠮᠦᠨ ᠳ᠋ᠦ ᠬᠣᠯᠪᠤᠭᠳᠠᠬᠤ ᠒᠘᠖ ᢈᠡᠷᠡᢉ ᠲᠦ ᠶᠠᠯᠯᠠᠬᠤ ᠳᠦᢉᠨᠡᠯᠲᠡ ᠦᠢᠯᠡᠳᠦᢉᠰᠡᠨ ᠪᠠᠶᠢᠨᠠ᠃
ᠥᠩᢉᠡᠷᠡᢉᠰᠡᠨ ᠗ ᠬᠣᠨᠣᠭ ᠲᠤ ᠨᠡᠶᠢᠰᠯᠡᠯ ᠦ᠋ᠨ ᠫᠷᠤᠻᠦᠷᠤᠷ ᠤ᠋ᠨ ᠭᠠᠵᠠᠷ ᠠ᠋ᠴᠠ ᠶᠠᠯᠯᠠᠬᠤ ᠳᠦᢉᠨᠡᠯᠲᠡ ᠦᠢᠯᠡᠳᠦᠵᠦ ᠰᠢᢉᠦᢈᠦ ᠳ᠋ᠦ ᠰᠢᠯᠵᠢᢉᠦᠯᠦᢉᠰᠡᠨ ᢈᠡᠷᠡᢉ ᠦ᠋ᠳ ᠡᠴᠡ ᠔ ᢈᠦᠮᠦᠨ ᠳ᠋ᠦ ᠬᠣᠯᠪᠤᠭᠳᠠᠬᠤ ᠓ ᢈᠡᠷᠡᢉ ᠢ᠋ ᠠᠩᠬᠠᠨ ᠰᠢᠲᠠᠨ ᠤ᠋ ᠰᠢᢉᠦᢈᠦ ᠪᠡᠷ ᠰᠢᠢᠳᠪᠦᠷᠢᠯᠡᢉᠦᠯᠦᢉᠰᠡᠨ ᠪᠠᠶᠢᠨᠠ᠃
ᠲᠣᠳᠣᠷᠠᠭᠤᠯᠪᠠᠯ᠂ ᠰᠢᢉᠦᢈᠦ ᠡᠴᠡ ᠤᠭ ᠔ ᢈᠦᠮᠦᠨ ᠢ᠋ ᠠᠪᠢᠯᠭᠠ ᠶ᠋ᠢᠨ ᢉᠡᠮᠲᠦ ᢈᠡᠷᠡᢉ ᠦᠢᠯᠡᠳᠦᢉᠰᠡᠨ ᢉᠡᠮ ᠪᠤᠷᠤᠭᠤᠲᠠᠢ ᠳ᠋ᠤ ᠲᠣᠭᠠᠴᠠᠵᠤ᠂ ᠒ ᠵᠢᠯ ᠦ᠋ᠨ ᠬᠤᠭᠤᠴᠠᠭᠠ ᠪᠠᠷ ᠨᠡᠶᠢᠲᠡ ᠶ᠋ᠢᠨ ᠠᠯᠪᠠᠨ ᠳ᠋ᠤ ᠠᠵᠢᠯᠯᠠᠬᠤ ᠡᠷᢈᠡ ᠶ᠋ᠢ ᠨᠢ ᠬᠠᠰᠤᠵᠤ᠂ ᠑ ᠵᠢᠯ ᠦ᠋ᠨ ᠬᠤᠭᠤᠴᠠᠭᠠ ᠪᠠᠷ ᠵᠣᠷᠴᠢᠬᠤ ᠡᠷᢈᠡ ᠶ᠋ᠢ ᢈᠢᠵᠠᠭᠠᠷᠯᠠᠬᠤ ᠶᠠᠯᠠ᠂ ᠒ ᠵᠢᠯ ᠦ᠋ᠨ ᠬᠤᠭᠤᠴᠠᠭᠠ ᠪᠠᠷ ᠬᠣᠷᠢᠬᠤ ᠶᠠᠯᠠ ᠪᠣᠯᠣᠨ ᠒.᠗-᠖ ᠰᠠᠶᠠ ᠲᠥᢉᠦᠷᠢᢉ ᠦ᠋ᠨ ᠲᠣᠷᠭᠠᠬᠤ ᠶᠠᠯᠠ ᠲᠤᠰ ᠲᠤᠰ ᠣᠨᠤᠭᠳᠠᠭᠤᠯᠵᠤ ᠰᠢᠢᠳᠪᠦᠷᠢᠯᠡᠪᠡ᠃
ᠥᠩᢉᠡᠷᠡᢉᠰᠡᠨ ᠳᠣᠯᠣᠭᠠ ᠬᠣᠨᠣᠭ ᠲᠤ ᠰᠢᢉᠦᢈᠦ ᠪᠡᠷ ᠰᠢᠢᠳᠪᠦᠷᠢᠯᠡᢉᠦᠯᠦᢉᠰᠡᠨ ᢈᠡᠷᠡᢉ ᠡᠴᠡ ᠲᠣᠢᠮᠤᠯᠠᠨ ᢈᠦᠷᢉᠡᠪᠡᠯ:
ᠨ.ᠲ ᠨᠢ “ᠮ...” ᠬᠬᠻ᠂ “ᠵ...” ᠬᠬᠻ᠂ ᠂ “ᠮ...” ᠬᠬᠻ- ᠨᠤᠭᠤᠳ ᠤ᠋ᠨ ᠢᠲᠡᢉᠡᠮᠵᠢᠯᠡᢉᠳᠡᢉᠰᠡᠨ ᠲᠥᠯᠦᢉᠡᠯᠡᢉᠴᠢ ᠪᠡᠷ ᠠᠵᠢᠯᠯᠠᠵᠤ ᠪᠠᠶᠢᠬᠤ ᠳᠠᠭᠠᠨ ᠭᠠᠭᠠᠯᠢ ᠶ᠋ᠢᠨ ᠶᠡᠷᠦᠩᢈᠡᠢ ᠭᠠᠵᠠᠷ ᠤ᠋ᠨ ᠬᠠᠷᠢᠶᠠ ᠵᠠᠮ ᠤ᠋ᠨ-ᠡᢉᠦᠳᠡ ᠳᠡᢈᠢ ᠭᠠᠭᠠᠯᠢ ᠶ᠋ᠢᠨ ᠭᠠᠵᠠᠷ ᠲᠤ ᠪᠦᠷᠳᠦᢉᠦᠯᠦᠯᠲᠡ ᢈᠢᠭᠰᠡᠨ ᠪᠠᠷᠠᠭᠠ ᠮᠠᠲᠧᠷᠢᠶᠠᠯ ᠤ᠋ᠨ ᠨᠡᠶᠢᠲᠡ ᠑᠗ ᠤᠳᠠᠭᠠ ᠶ᠋ᠢᠨ ᠭᠠᠭᠠᠯᠢ ᠶ᠋ᠢᠨ ᠮᠡᠳᠡᢉᠦᠯᢉᠡ ᠳ᠋ᠦ ᠵᠥᠷᠢᠴᠡᠯ ᠦᢉᠡᠢ ᠮᠡᠲᠦ ᠪᠡᠷ ᢈᠢᠨᠠᠯᠲᠠ ᠰᠢᠯᠭᠠᠯᠲᠠ ᢈᠢᠯᢉᠡᠵᠦ᠂ ᠳᠠᠪᠠᠭᠤ ᠪᠠᠶᠢᠳᠠᠯ ᠪᠤᠢ ᠪᠣᠯᠭᠠᠬᠤ ᠵᠣᠷᠢᠯᠭᠠ ᠪᠠᠷ ᠭᠠᠭᠠᠯᠢ ᠶ᠋ᠢᠨ ᠶᠡᠷᠦᠩᢈᠡᠢ ᠭᠠᠵᠠᠷ ᠤ᠋ᠨ ᠬᠠᠷᠢᠶᠠ ᠵᠠᠮ ᠤ᠋ᠨ-ᠡᢉᠦᠳᠡ ᠳᠡᢈᠢ ᠭᠠᠭᠠᠯᠢ ᠶ᠋ᠢᠨ ᠭᠠᠵᠠᠷ ᠤ᠋ᠨ ᠭᠠᠭᠠᠯᠢ ᠶ᠋ᠢᠨ ᠤᠯᠤᠰ ᠤ᠋ᠨ ᠠᢈᠤᠯᠠᠬᠤ ᠪᠠᠶᠢᠴᠠᠭᠠᠭᠴᠢ ᢉ.ᠪ- ᠳ᠋ᠦ ᠒᠐᠒᠖ ᠣᠨ ᠤ᠋ ᠐᠑ ᠳ᠋ᠦ᠋ᢉᠡᠷ ᠰᠠᠷᠠ ᠶ᠋ᠢᠨ ᠑᠕᠂ ᠑᠖- ᠤ᠋ ᠡᠳᠦᠷ ᠠᠷᠢᠯᠵᠢᠶᠠᠨ ᠤ᠋ ᠪᠠᠩᠻᠢᠨ ᠳ᠋ᠠᢈᠢ ᠪᠤᠰᠤᠳ ᠤ᠋ᠨ ᠳᠠᠩᠰᠠ ᠪᠠᠷ ᠳᠠᠮᠵᠢᠭᠤᠯᠤᠨ ᠑᠙.᠕ ᠰᠠᠶᠠ ᠲᠥᢉᠦᠷᠢᢉ ᠦ᠋ᠨ ᠬᠠᠬᠠᠤᠯᠢ ᠥᠭᢉᠦᢉᠰᠡᠨ ᠦᠢᠯᠡᠳᠦᠯ ᠢ᠋ ᠫᠷᠤᠻᠦᠷᠤᠷ ᠠ᠋ᠴᠠ ᠡᠷᠦᢉᠦ ᠶ᠋ᠢᠨ ᠬᠠᠤᠯᠢ ᠶ᠋ᠢᠨ ᠒᠒.᠕ ᠳ᠋ᠤᠭᠠᠷ ᠵᠦᠢᠯ ᠦ᠋ᠨ ᠑ ᠳᠡᢈᠢ ᢈᠡᠰᠡᢉ (ᠬᠠᠬᠠᠤᠯᠢ ᠥᠭᢉᠦᢈᠦ)- ᠳ᠋ᠦ ᠵᠠᠭᠠᠭᠰᠠᠨ ᠢ᠋ᠶᠠᠷ ᠵᠦᠢᠯᠴᠢᠯᠡᠵᠦ᠂ ᠶᠠᠯᠯᠠᠬᠤ ᠳᠦᢉᠨᠡᠯᠲᠡ ᠦᠢᠯᠡᠳᠦᠨ ᢈᠡᠷᠡᢉ ᠢ᠋ ᠰᠢᢉᠦᢈᠦ ᠳ᠋ᠦ ᠰᠢᠯᠵᠢᢉᠦᠯᠦᢉᠰᠡᠨ᠃
ᠰᠢᢉᠦᢈᠦ ᠡᠴᠡ ᠨ.ᠲ- ᠶ᠋ᠢ ᠬᠠᠬᠠᠤᠯᠢ ᠥᠭᢉᠦᢈᠦ ᢉᠡᠮᠲᠦ ᢈᠡᠷᠡᢉ ᠦᠢᠯᠡᠳᠦᢉᠰᠡᠨ ᢉᠡᠮ ᠪᠤᠷᠤᠭᠤᠲᠠᠢ ᠳ᠋ᠤ ᠲᠣᠭᠠᠴᠠᠵᠤ᠂ ᠨᠡᠶᠢᠲᠡ ᠶ᠋ᠢᠨ ᠠᠯᠪᠠᠨ ᠳ᠋ᠤ ᠠᠵᠢᠯᠯᠠᠬᠤ ᠡᠷᢈᠡ ᠶ᠋ᠢ ᠒ ᠵᠢᠯ ᠦ᠋ᠨ ᠬᠤᠭᠤᠴᠠᠭᠠ ᠪᠠᠷ ᠬᠠᠰᠤᠵᠤ᠂ ᠖ ᠰᠠᠶᠠ ᠲᠥᢉᠦᠷᠢᢉ ᠢ᠋ᠶᠡᠷ ᠲᠣᠷᠭᠠᠬᠤ ᠶᠠᠯᠠ ᠣᠨᠤᠭᠳᠠᠭᠤᠯᠵᠤ ᠰᠢᠢᠳᠪᠦᠷᠢᠯᠡᢉᠰᠡᠨ ᠪᠠᠶᠢᠨᠠ᠃