ᠲᠠᠨ ᠤ᠋ ᠡᠷᢈᠡ ᠵᠦᠢ ᠶ᠋ᠢᠨ ᠮᠡᠳᠡᠯᢉᠡ ᠳ᠋ᠦ

ᠲᠠᠨ ᠤ᠋ ᠡᠷᢈᠡ ᠵᠦᠢ ᠶ᠋ᠢᠨ ᠮᠡᠳᠡᠯᢉᠡ ᠳ᠋ᠦ: ᠡᠷᠦᢉᠦ ᠰᠢᢉᠦᠯᠲᠡ ᠲᠤᠯᠭᠠᠬᠤ ᢉᠡᠮᠲᠦ ᢈᠡᠷᠡᢉ ᢉᠡᠵᠦ ᠶᠠᠭᠤ ᠪᠤᠢ?

ᠲᠠᠨ ᠤ᠋ ᠡᠷᢈᠡ ᠵᠦᠢ ᠶ᠋ᠢᠨ ᠮᠡᠳᠡᠯᢉᠡ ᠳ᠋ᠦ: ᠡᠷᠦᢉᠦ ᠰᠢᢉᠦᠯᠲᠡ ᠲᠤᠯᠭᠠᠬᠤ ᢉᠡᠮᠲᠦ ᢈᠡᠷᠡᢉ ᢉᠡᠵᠦ ᠶᠠᠭᠤ ᠪᠤᠢ?

ᠨᠢᢉᠡᠳᠦᢉᠰᠡᠨ ᠦᠨᠳᠦᠰᠦᠲᠡᠨ ᠦ᠋ ᠪᠠᠶᠢᠭᠤᠯᠤᠯᠭ᠎ᠠ ᠶ᠋ᠢᠨ ᠑᠙᠔᠘ ᠣᠨ ᠤ᠋ ᠑᠒ ᠳ᠋ᠤᠭᠠᠷ ᠰᠠᠷ᠎ᠠ ᠶ᠋ᠢᠨ ᠑᠐- ᠤ᠋ ᠡᠳᠦᠷ ᠪᠠᠲᠤᠯᠠᠭᠰᠠᠨ “ᢈᠦᠮᠦᠨ ᠦ᠋ ᠡᠷᢈᠡ ᠶ᠋ᠢᠨ ᠲᠦᢉᠡᠮᠡᠯ ᠲᠤᠩᠬᠠᠭᠯᠠᠯ”- ᠤ᠋ᠨ ᠕ ᠳ᠋ᠤᠭᠠᠷ ᠵᠦᠢᠯ ᠳ᠋ᠦ:“ᢈᠡᠨ ᠳ᠋ᠦ ᠴᠤ ᠡᠷᠦᢉᠦ ᠰᠢᢉᠦᠯᠲᠡ ᠲᠤᠯᠭᠠᠨ ᠡᠰᠡᢈᠦᠯᠡ ᢈᠡᠨ ᠲᠡᠢ ᠴᠤ ᢈᠡᠷᠴᠡᢉᠡᠢ ᠪᠡᠷ᠂ ᢈᠦᠮᠦᠨ ᠦ᠋ ᠶᠣᠰᠤᠨ ᠠ᠋ᠴᠠ ᠭᠠᠳᠠᠭᠤᠷ ᠪᠤᠶᠤ ᠨᠡᠷ᠎ᠡ ᠲᠥᠷᠦ ᠶ᠋ᠢ ᠨᠢ ᠳᠣᠷᠣᠮᠵᠢᠯᠠᠨ ᠬᠠᠷᠢᠴᠠᠬᠤ᠂ ᠰᠢᠳᢈᠡᢈᠦ ᠶᠣᠰᠤ ᠦᢉᠡᠢ” ᢈᠡᠮᠡᠨ ᠲᠤᠰᠬᠠᠭᠰᠠᠨ ᠨᠢ ᠡᠷᠦᢉᠦᠳᠡᠨ ᠰᠢᢉᠦᢈᠦ ᠶ᠋ᠢᠨ ᠡᠰᠡᠷᢉᠦ ᠦᠵᠡᠯ ᠪᠠᠷᠢᠮᠲᠠᠯᠠᠯ ᠤ᠋ᠨ ᠡᢈᠢᠯᠡᠯ ᠶᠤᠮ᠃

ᠮᠥᠨ ᠑᠙᠖᠖ ᠣᠨ ᠤ᠋ ᠑᠒ ᠳ᠋ᠤᠭᠠᠷ ᠰᠠᠷ᠎ᠠ ᠶ᠋ᠢᠨ ᠑᠖- ᠤ᠋ ᠡᠳᠦᠷ ᠪᠠᠲᠤᠯᠠᠭᠰᠠᠨ “ᠢᠷᢉᠡᠨ ᠦ᠋ ᠪᠣᠯᠣᠨ ᠤᠯᠤᠰ ᠲᠥᠷᠦ ᠶ᠋ᠢᠨ ᠡᠷᢈᠡ ᠶ᠋ᠢᠨ ᠲᠤᠬᠠᠢ ᠣᠯᠠᠨ ᠤᠯᠤᠰ ᠤ᠋ᠨ ᠫᠠᠻᠲ”- ᠤ᠋ᠨ ᠗ ᠳ᠋ᠤᠭᠠᠷ ᠵᠦᠢᠯ ᠳ᠋ᠦ:

“ᢈᠡᠨ ᠳ᠋ᠦ ᠴᠤ ᠡᠷᠦᢉᠦ ᠰᠢᢉᠦᠯᠲᠡ ᠲᠤᠯᠭᠠᠬᠤ᠂ ᢈᠡᠷᠴᠡᢉᠡᠢ᠂ ᢈᠦᠮᠦᠨᠯᠢᢉ ᠪᠤᠰᠤ ᠪᠠᠷ᠂ ᠨᠡᠷ᠎ᠡ ᠲᠥᠷᠦ ᠶ᠋ᠢ ᠨᠢ ᠳᠣᠷᠣᠮᠵᠢᠯᠠᠨ ᠬᠠᠷᠢᠴᠠᠬᠤ ᠪᠤᠶᠤ ᠰᠢᠳᢈᠡᢈᠦ ᠶ᠋ᠢ ᠬᠣᠷᠢᠭᠯᠠᠨ᠎ᠠ” ᢉᠡᠵᠦ ᠳᠤᠷᠠᠳᠤᠭᠰᠠᠨ ᠪᠠᠶᠢᠳᠠᠭ᠃

ᠳᠡᠯᠡᢈᠡᠢ ᠳᠠᠶᠠᠭᠠᠷ ᠡᠷᠦᢉᠦ ᠰᠢᢉᠦᠯᠲᠡ ᠶ᠋ᠢ ᠪᠦᠷᠢ ᠮᠥᠰᠦᠨ ᠤᠰᠠᠳᠬᠠᠬᠤ᠂ ᠬᠣᠷᠢᠭᠯᠠᠬᠤ᠂ ᠤᠷᠢᠳᠴᠢᠯᠠᠨ ᠰᠡᠷᢉᠡᠶᠢᠯᠡᢈᠦ ᠵᠣᠷᠢᠯᠭ᠎ᠠ ᠪᠠᠷ ᠑᠙᠘᠔ ᠣᠨ ᠤ᠋ ᠑᠒ ᠳ᠋ᠤᠭᠠᠷ ᠰᠠᠷ᠎ᠠ ᠶ᠋ᠢᠨ ᠑᠐- ᠤ᠋ ᠡᠳᠦᠷ “ᠡᠷᠦᢉᠦᠳᠡᠨ ᠰᠢᢉᠦᢈᠦ ᠪᠣᠯᠣᠨ ᠪᠤᠰᠤᠳ ᢈᠡᠯᠪᠦᠷᠢ ᠪᠡᠷ ᢈᠡᠷᠴᠡᢉᠡᠢ᠂ ᢈᠦᠮᠦᠨᠯᠢᢉ ᠪᠤᠰᠤ ᠪᠠᠷ ᠪᠤᠶᠤ ᢈᠦᠮᠦᠨ ᠦ᠋ ᠨᠡᠷ᠎ᠡ ᠲᠥᠷᠦ ᠶ᠋ᠢ ᠳᠣᠷᠣᠮᠵᠢᠯᠠᠨ ᠬᠠᠷᠢᠴᠠᠵᠤ ᠰᠢᠳᢈᠡᢈᠦ ᠶ᠋ᠢᠨ ᠡᠰᠡᠷᢉᠦ ᠻᠣᠨᠸᠧᠨᠼ”- ᠢ᠋ ᠪᠠᠲᠤᠯᠠᠭᠰᠠᠨ ᠪᠠᠶᠢᠨ᠎ᠠ᠃

ᠤᠭ ᠻᠣᠨᠸᠧᠨᠼ ᠤ᠋ᠨ ᠑ ᠳ᠋ᠦ᠋ᢉᠡᠷ ᠵᠦᠢᠯ ᠦ᠋ᠨ ᠑ ᠳᠡᢈᠢ ᢈᠡᠰᠡᢉ ᠲᠦ:

“ᠡᠷᠦᢉᠦᠳᠡᠨ ᠰᠢᢉᠦᢈᠦ ᢉᠡᠵᠦ ᢈᠡᠨ ᠨᠢᢉᠡ ᢈᠦᠮᠦᠨ ᠪᠤᠶᠤ ᠭᠤᠷᠪᠠ ᠳ᠋ᠠᢈᠢ ᠡᠲᠡᢉᠡᠳ ᠡᠴᠡ ᠮᠡᠳᠡᢉᠡ ᠰᠡᠯᠲᠡ᠂ ᠮᠡᠳᠡᢉᠦᠯᢉᠡ ᠠᠪᠬᠤ᠂ ᠲᠤᠬᠠᠶᠢᠨ ᢈᠦᠮᠦᠨ ᠪᠤᠶᠤ ᠭᠤᠷᠪᠠ ᠳ᠋ᠠᢈᠢ ᠡᠲᠡᢉᠡᠳ ᠦ᠋ᠨ ᠦᠢᠯᠡᠳᠦᢉᠰᠡᠨ ᠪᠤᠶᠤ ᠰᠡᠷᠡᠳᠡᢉᠳᠡᢉᠰᠡᠨ ᢈᠡᠷᠡᢉ ᠲᠦ ᠰᠢᠳᢈᠡᢈᠦ᠂ ᠠᠶᠢᠯᠭᠠᠨ ᠰᠦᠷᠳᠡᢉᠦᠯᢈᠦ᠂ ᠱᠠᠬᠠᠯᠲᠠ ᠦᠵᠡᢉᠦᠯᢈᠦ᠂ ᠠᠯᠢᠪᠠ ᠪᠠᠶᠢᠳᠠᠯ ᠢ᠋ᠶᠠᠷ ᠠᠯᠠᠭᠴᠢᠯᠠᠬᠤ ᠵᠣᠷᠢᠯᠭ᠎ᠠ ᠪᠠᠷ ᠲᠥᠷᠦ ᠶ᠋ᠢᠨ ᠠᠯᠪᠠᠨ ᠲᠤᠰᠢᠶᠠᠯᠲᠠᠨ᠂ ᠠᠯᠪᠠᠨ ᠡᢉᠦᠷᢉᠡ ᢉᠦᠢᠴᠡᠳᢈᠡᠵᠦ ᠪᠤᠢ ᠪᠤᠰᠤᠳ ᢈᠦᠮᠦᠨ ᠦ᠋ ᠥᠳᠡᢉᠡᠨ ᠬᠠᠳᠬᠤᠯᠲᠠ᠂ ᠢᠯ᠂ ᠳᠠᠯᠳᠠ ᠵᠥᠪᠰᠢᠶᠡᠷᠡᠯ ᠢ᠋ᠶᠡᠷ ᠲᠤᠬᠠᠶᠢᠨ ᢈᠦᠮᠦᠨ ᠪᠤᠶᠤ ᠭᠤᠷᠪᠠ ᠳ᠋ᠠᢈᠢ ᠡᠲᠡᢉᠡᠳ ᠦ᠋ᠨ ᠪᠡᠶ᠎ᠡ ᠮᠠᠬᠠᠪᠣᠳ᠂ ᠰᠡᠳᢈᠢᠯ ᠰᠠᠨᠠᠭ᠎ᠠ ᠶ᠋ᠢ ᢈᠦᠴᠦ ᠲᠡᠢ ᠰᠢᠨᠠᠯᠭᠠᠨ ᠵᠣᠪᠠᠭᠠᠬᠤ ᠠᠯᠢᠪᠠ ᠰᠠᠨᠠᠭ᠎ᠠ ᠲᠠᠢ ᠦᠢᠯᠡᠳᠦᠯ ᠢ᠋ ᢈᠡᠯᠡᠨ᠎ᠡ” ᢉᠡᠵᠦ ᠲᠣᠳᠣᠷᠬᠠᠶᠢᠯᠠᠭᠰᠠᠨ᠃

ᠮᠣᠩᠭᠣᠯ ᠤᠯᠤᠰ ᠒᠐᠐᠒ ᠣᠨ ᠤ᠋ ᠑ ᠳ᠋ᠦ᠋ᢉᠡᠷ ᠰᠠᠷ᠎ᠠ ᠶ᠋ᠢᠨ ᠒᠔- ᠦ᠋ ᠡᠳᠦᠷ ᠠᠯᠪᠠᠨ ᠶᠣᠰᠤ ᠪᠠᠷ ᠲᠤᠰ ᠻᠣᠨᠸᠧᠨᠼ ᠳ᠋ᠤ ᠨᠢᢉᠡᠳᠦᠨ ᠣᠷᠤᠭᠰᠠᠨ ᠪᠠᠶᠢᠳᠠᠭ᠃

ᠡᠷᠦᢉᠦᠳᠡᠨ ᠰᠢᢉᠦᢈᠦ ᠶ᠋ᠢᠨ ᠡᠰᠡᠷᢉᠦ ᠻᠣᠨᠸᠧᠨᠼ ᠳ᠋ᠤ “ᠰᠡᠳᢈᠢᠯ ᠰᠠᠨᠠᠭᠠᠨ ᠤ᠋ ᠡᠷᠦᢉᠦ ᠰᠢᢉᠦᠯᠲᠡ”᠂ “ᠪᠡᠶ᠎ᠡ ᠮᠠᠬᠠᠪᠣᠳᠢ ᠶ᠋ᠢᠨ ᠡᠷᠦᢉᠦ ᠰᠢᢉᠦᠯᠲᠡ” ᢉᠡᠵᠦ ᠒ ᠶᠠᠩᠵᠤ ᠪᠠᠷ ᠲᠤᠰᠬᠠᠵᠠᠢ᠃

ᠰᠡᠳᢈᠢᠯ ᠰᠠᠨᠠᠭᠠᠨ ᠤ᠋ ᠡᠷᠦᢉᠦ ᠰᠢᢉᠦᠯᠲᠡ ᢉᠡᠳᠡᢉ ᠨᠢ ᠭᠠᠭᠴᠠᠭᠠᠷᠴᠢᠯᠠᠵᠤ ᠬᠣᠷᠢᠬᠤ᠂ ᠠᠶᠢᠯᠭᠠᠨ ᠰᠦᠷᠳᠡᢉᠦᠯᢈᠦ᠂ ᠪᠠᠰᠤᠮᠵᠢᠯᠠᠨ ᠳᠣᠷᠣᠮᠵᠢᠯᠠᠬᠤ᠂ ᠳᠣᠭᠣᠭᠯᠠᠵᠤ ᠲᠣᢈᠤᠭᠤᠷᠬᠠᠬᠤ᠂ ᢉᠦᠲᢉᠡᢈᠦ᠂ ᠬᠤᠳᠠᠯ ᠮᠡᠳᠡᢉᠡᠯᠡᠯ ᠲᠠᠷᠬᠠᠭᠠᠬᠤ᠂ ᠪᠤᠰᠤᠳ ᠲᠤ ᠡᠷᠦᢉᠦ ᠰᠢᢉᠦᠯᠲᠡ ᠲᠤᠯᠭᠠᠵᠤ ᠪᠤᠢ ᠳᠦᠷᠰᠦ ᠦᠵᠡᢉᠦᠯᢈᠦ᠂ ᢉᠡᠷ ᠪᠦᠯᠢ᠂ ᠣᠶᠢᠷ᠎ᠠ ᠳᠣᠲᠣᠨ᠎ᠠ ᠶ᠋ᠢᠨ ᢈᠦᠮᠦᠰ ᠦ᠋ᠨ ᠲᠠᠯ᠎ᠠ ᠪᠠᠷ ᠲᠠᠭᠠ ᠦᢉᠡᠢ ᠮᠡᠳᠡᢉᠡᠯᠡᠯ ᠲᠠᠷᠬᠠᠭᠠᠬᠤ᠂ ᠬᠣᠭᠣᠯᠠ ᠤᠨᠳᠤ ᠶ᠋ᠢ ᠨᠢ ᠰᠣᠢᠬᠤ ᠵᠡᠷᢉᠡ ᠶ᠋ᠢ᠂ᠪᠡᠶ᠎ᠡ ᠮᠠᢈᠪᠤᠳ ᠤ᠋ᠨ ᠡᠷᠦᢉᠦ ᠰᠢᢉᠦᠯᠲᠡ ᢉᠡᠳᠡᢉ ᠨᠢ ᠵᠣᠳᠣᠬᠤ᠂ ᠴᠢᠩᠭ᠎ᠠ ᠭᠠᠪᠯᠠᠬᠤ᠂ ᠴᠠᢈᠢᠯᠭᠠᠨ ᠢ᠋ᠶᠠᠷ ᠴᠣᢈᠢᠭᠤᠯᠬᠤ᠂ ᠲᠣᠯᠤᠭᠠᠢ ᠶ᠋ᠢ ᠨᠢ ᠤᠰᠤᠨ ᠳ᠋ᠤ ᠳᠦᠷᠡᢈᠦ᠂ ᠠᠮᠢᠰᠬᠤᠯ ᠢ᠋ ᠨᠢ ᠪᠣᠭᠣᠬᠤ᠂ ᠲᠦᠯᠢᢈᠦ᠂ ᠵᠦᠰᠡᢈᠦ ᠵᠡᠷᢉᠡ ᠦᠢᠯᠡᠳᠦᠯ ᠢ᠋ ᠣᠯᠠᠨ ᠤᠯᠤᠰ ᠲᠤ ᠲᠣᠳᠤᠷᠬᠠᠢᠯᠠᠵᠤ᠂ ᠣᠶᠢᠯᠭᠠᠳᠠᠭ ᠪᠠᠶᠢᠨ᠎ᠠ᠃

ᠮᠣᠩᠭᠣᠯ ᠤᠯᠤᠰ ᠤ᠋ᠨ ᠡᠷᠦᢉᠦ ᠶ᠋ᠢᠨ ᠬᠠᠤᠯᠢ ᠶ᠋ᠢᠨ ᠒᠑.᠑᠒ ᠳᠤᠭᠠᠷ ᠵᠦᠢᠯ ᠳ᠋ᠦ “ᠡᠷᠦᢉᠦ ᠰᠢᢉᠦᠯᠲᠡ ᠲᠤᠯᠭᠠᠬᠤ” ᠦᠢᠯᠡᠳᠦᠯ ᠢ᠋ ᢉᠡᠮᠲᠦ ᢈᠡᠷᠡᢉ ᠲᠦ ᠲᠣᠭᠠᠴᠠᠨ ᠬᠠᠤᠯᠢᠴᠢᠯᠠᠭᠰᠠᠨ᠃ ᠲᠤᠬᠠᠶᠢᠯᠪᠠᠯ:

“ᠲᠥᠷᠦ ᠶ᠋ᠢᠨ ᠠᠯᠪᠠᠨ ᠬᠠᠭᠠᠭᠴᠢ ᠲᠠᠶᠢᠯᠪᠤᠷᠢ᠂ ᠮᠡᠳᠡᢉᠦᠯᢉᠡ ᠠᠪᠬᠤ᠂ ᢈᠡᠷᠡᢉ ᢈᠦᠯᠢᠶᠡᠯᢉᠡᢈᠦ᠂ ᠶᠠᠯ᠎ᠠ᠂ ᠰᠢᠢᠳ᠋ᢈᠡᠯ ᠣᠨᠣᠭᠳᠠᠭᠤᠯᠬᠤ᠂ ᠢᠯᠭᠠᠪᠤᠷᠢᠯᠠᠬᠤ ᠵᠣᠷᠢᠯᠭ᠎ᠠ ᠪᠠᠷ ᠥᠪᠡᠷ ᠢ᠋ᠶᠡᠨ᠂ ᠡᠰᠡᢈᠦᠯ ᠪᠤᠰᠤᠳ ᠡᠲᠡᢉᠡᠳ ᠢ᠋ ᠬᠠᠲᠬᠤᠵᠤ᠂ ᠵᠥᠪᠰᠢᠶᠡᠷᠡᠯ ᠣᠯᠭᠠᠵᠤ᠂ ᠡᠰᠡᢈᠦᠯ ᠪᠤᠰᠤᠳ ᠪᠠᠶᠢᠳᠠᠯ ᠢ᠋ᠶᠠᠷ ᠲᠤᠬᠠᠶᠢᠨ ᠦᠢᠯᠡᠳᠦᠯ ᠢ᠋ ᢈᠢᢈᠦ ᠶ᠋ᠢ ᠵᠥᠪᠰᠢᠶᠡᠷᠡᠵᠦ ᠪᠠᠶᠢᠭ᠎ᠠ ᠪᠠᠨ ᠢᠯᠡᠷᢈᠡᠶᠢᠯᠡᠵᠦ ᠪᠤᠰᠤᠳ ᠤ᠋ᠨ ᠪᠡᠶ᠎ᠡ ᠮᠠᢈᠪᠤᠳ᠂ ᠰᠡᠳ᠋ᢈᠢᠯ ᠰᠠᠨᠠᠭ᠎ᠠ ᠶ᠋ᠢ ᠰᠢᠨᠠᠯᠭᠠᠨ ᠵᠣᠪᠠᠭᠠᠭᠰᠠᠨ ᠪᠣᠯ ᠕.᠔ ᠰᠠᠶ᠎ᠠ ᠲᠥᢉᠦᠷᠢᢉ ᠡᠴᠡ ᠒᠗ ᠰᠠᠶ᠎ᠠ ᠲᠥᢉᠦᠷᠢᢉ ᢈᠦᠷᠲᠡᠯᠡ ᠲᠣᠷᠭᠠᠬᠤ᠂ ᠡᠰᠡᢈᠦᠯ ᠑-᠕ ᠵᠢᠯ ᢈᠦᠷᠲᠡᠯᠡ ᠬᠤᠭᠤᠴᠠᠭ᠎ᠠ ᠪᠠᠷ ᠬᠣᠷᠢᠬᠤ ᠶᠠᠯ᠎ᠠ ᠰᠢᠢᠳ᠋ᢈᠡᠨ᠎ᠡ” ᢉᠡᠵᠡᠢ᠃

ᠰᠣᠨᠢᠷᠬᠠᠭᠤᠯᠬᠤ ᠳ᠋ᠤ᠂ ᠨᠦᠪ- ᠤ᠋ᠨ ᠡᠷᠦᢉᠦᠳᠦᠨ ᠰᠢᢉᠦᢈᠦ ᠶ᠋ᠢᠨ ᠡᠰᠡᠷᢉᠦ ᠻᠣᠨᠸᠧᠨᠼ ᠳ᠋ᠤ ᠑᠗᠓ ᠣᠷᠤᠨ ᠨᠢᢉᠡᠳᠦᠨ ᠣᠷᠤᠭᠰᠠᠨ ᠪᠣᠯᠪᠠᠴᠤ ᠑᠔᠑ ᠣᠷᠤᠨ ᠳ᠋ᠤ ᠡᠷᠦᢉᠦᠳᠦᠨ ᠰᠢᢉᠦᢈᠦ ᠶᠠᠪᠤᠳᠠᠯ ᠪᠦᠷᠢᠲᢉᠡᢉᠳᠡᢉᠰᠡᠨ ᠲᠠᠯ᠎ᠠ ᠪᠠᠷ ᠒᠐᠒᠓ ᠣᠨ ᠳ᠋ᠤ “JAMA Network Open” ᠰᠡᠳ᠋ᢈᠦᠯ ᠳ᠋ᠦ ᠨᠡᠶᠢᠲᠡᠯᠡᢉᠳᠡᢉᠰᠡᠨ “ᠳᠡᠯᠡᢈᠡᠢ ᠳᠠᢈᠢᠨ ᠳ᠋ᠤ ᠪᠦᠷᠢᠲᢉᠡᢉᠳᠡᢉᠰᠡᠨ ᠡᠷᠦᢉᠦ ᠰᠢᢉᠦᠯᠲᠡ ᠶ᠋ᠢᠨ ᠠᠷᠭ᠎ᠠ ᢈᠡᠯᠪᠡᠷᠢ ᠨᠦᢉᠦᠳ᠂ ᠲᠠᠷᠬᠠᠯᠲᠠ ᠪᠣᠯᠣᠨ ᠳᠠᠪᠲᠠᠮᠵᠢ” (Reported Methods, Distributions, and Frequencies of Torture Globally) ᠰᠤᠳᠤᠯᠭᠠᠨ ᠤ᠋ ᠠᠵᠢᠯ ᠤ᠋ᠨ ᠥᢉᠦᠯᠡᠯ ᠳ᠋ᠦ ᠳᠤᠷᠠᠳᠬᠠᠭᠳᠠᠭᠰᠠᠨ ᠪᠠᠶᠢᠨ᠎ᠠ᠃

ᠮᠡᠳᠡᢉᠡ ᠶ᠋ᠢ ᠬᠤᠪᠢᠶᠠᠯᠴᠠᠬᠤ:
ᠬᠣᠯᠪᠣᠭᠣᠰᠤ ᠬᠠᠭᠤᠯᠤᠭᠳᠠᠯᠠᠭ᠎ᠠ