ᠶᠠᠷᠢᠯᠴᠠᠯᠭ᠎ᠠ᠂ ᠨᠡᠶᠢᠲᠯᠡᠯ

ᠮ.ᠡᢉᠦᠷ ᠦ᠋ᠨ ᠲᠤᠶ᠎ᠠ: ᠢᠷᢉᠡᠳ ᠰᠣᠶᠣᠯ ᠤ᠋ᠨ ᠪᠡᠶᠡᠲᠦ ᠥᠪ ᠢ᠋ ᠣᠯᠤᠭᠰᠠᠨ᠂ ᠪᠤᠰᠤᠳ ᠲᠤ ᠰᠢᠯᠵᠢᢉᠦᠯᠦᢉᠰᠡᠨ ᠪᠣᠯ ᠰᠣᠶᠣᠯ ᠤ᠋ᠨ ᠥᠪ ᠦ᠋ᠨ ᠪᠦᠷᠢᠳ᠋ᢈᠡᠯ᠂ ᠮᠡᠳᠡᢉᠡᠯᠡᠯ ᠦ᠋ᠨ ᠰᠠᠩ ᠳ᠋ᠤ ᠮᠡᠳᠡᢉᠳᠡᢈᠦ ᠡᢉᠦᠷᢉᠡ ᠲᠡᠢ

ᠮ.ᠡᢉᠦᠷ ᠦ᠋ᠨ ᠲᠤᠶ᠎ᠠ: ᠢᠷᢉᠡᠳ ᠰᠣᠶᠣᠯ ᠤ᠋ᠨ ᠪᠡᠶᠡᠲᠦ ᠥᠪ ᠢ᠋ ᠣᠯᠤᠭᠰᠠᠨ᠂ ᠪᠤᠰᠤᠳ ᠲᠤ ᠰᠢᠯᠵᠢᢉᠦᠯᠦᢉᠰᠡᠨ ᠪᠣᠯ ᠰᠣᠶᠣᠯ ᠤ᠋ᠨ ᠥᠪ ᠦ᠋ᠨ ᠪᠦᠷᠢᠳ᠋ᢈᠡᠯ᠂ ᠮᠡᠳᠡᢉᠡᠯᠡᠯ ᠦ᠋ᠨ ᠰᠠᠩ ᠳ᠋ᠤ ᠮᠡᠳᠡᢉᠳᠡᢈᠦ ᠡᢉᠦᠷᢉᠡ ᠲᠡᠢ

ᠰᠣᠶᠣᠯ ᠤ᠋ᠨ ᠥᠪ ᠦ᠋ᠨ ᠡᠰᠡᠷᢉᠦ ᢉᠡᠮᠲᠦ ᢈᠡᠷᠡᢉ ᠦ᠋ᠨ ᠭᠠᠷᠤᠯᠲᠠ᠂ ᠰᠢᠢᠳ᠋ᠪᠦᠷᠢᠯᠡᠯᠲᠡ᠂ ᢉᠡᠮᠲᠦ ᢈᠡᠷᠡᢉ ᠦᠢᠯᠡᠳᠦᢉᠳᠡᠵᠦ ᠪᠤᠢ ᠰᠢᠯᠲᠠᠭᠠᠨ ᠨᠥᢈᠦᠴᠡᠯ ᠦ᠋ᠨ ᠲᠠᠯ᠎ᠠ ᠪᠠᠷ ᠴᠢᠩᢉᠢᠯᠲᠡᠢ ᠳᠡᢉᠦᠷᢉᠡ ᠶ᠋ᠢᠨ ᠫᠷᠣᠻᠦ᠋ᠷᠣᠷ ᠤ᠋ᠨ ᠭᠠᠵᠠᠷ ᠤ᠋ᠨ ᢈᠢᠨᠠᠯᠲᠠ ᠶ᠋ᠢᠨ ᠫᠷᠣᠻᠦ᠋ᠷᠣᠷ ᠮ.ᠡᢉᠦᠷ ᠦ᠋ᠨ ᠲᠤᠶ᠎ᠠ ᠠ᠋ᠴᠠ ᠲᠣᠳᠣᠷᠠᠭᠤᠯᠤᠯ᠎ᠠ᠃

ᠴᠢᠩᢉᠢᠯᠲᠡᠢ ᠳᠡᢉᠦᠷᢉᠡ ᠶ᠋ᠢᠨ ᠫᠷᠣᠻᠦ᠋ᠷᠣᠷ ᠤ᠋ᠨ ᠭᠠᠵᠠᠷ ᠠ᠋ᠴᠠ ᠰᠣᠶᠣᠯ ᠤ᠋ᠨ ᠥᠪ ᠦ᠋ᠨ ᠡᠰᠡᠷᢉᠦ ᢉᠡᠮᠲᠦ ᢈᠡᠷᠡᢉ ᠲᠦ ᠳᠠᠭᠨᠠᠨ ᢈᠢᠨᠠᠯᠲᠠ ᠲᠠᠯᠪᠢᠳᠠᠭ ᠣᠨᠴᠠᠯᠢᠭ ᠲᠠᠢ᠃ ᠡᠨᠡ ᠲᠥᠷᠦᠯ ᠦ᠋ᠨ ᢉᠡᠮᠲᠦ ᢈᠡᠷᠡᢉ ᠦ᠋ᠨ ᠭᠠᠷᠤᠯᠲᠠ᠂ ᠰᠢᠢᠳ᠋ᠪᠦᠷᠢᠯᠡᠯᠲᠡ ᠶᠠᠮᠠᠷ ᠪᠠᠶᠢᠨ᠎ᠠ ᠪᠤᠢ?

ᠴᠢᠩᢉᠢᠯᠲᠡᠢ ᠳᠡᢉᠦᠷᢉᠡ ᠶ᠋ᠢᠨ ᠨᠤᠲᠤᠭ ᠳᠡᠪᠢᠰᢈᠡᠷ ᠲᠦ ᠡᠷᠲᠡᠨ ᠦ᠋ ᠡᠳᠯᠡᠯ ᠬᠤᠳᠠᠯᠳᠤᠨ ᠠᠪᠬᠤ᠂ ᠬᠤᠳᠠᠯᠳᠠᠬᠤ ᠦᠢᠯᠡ ᠠᠵᠢᠯᠯᠠᠭ᠎ᠠ ᠡᠷᢈᠢᠯᠡᠳᠡᢉ ᠢᠷᢉᠡᠨ᠂ ᠠᠵᠤ ᠠᠬᠤᠢ ᠶ᠋ᠢᠨ ᠨᠢᢉᠡᠵᠢ ᠨᠦᢉᠦᠳ ᠲᠥᠪᠯᠡᠷᠡᠨ ᠦᠢᠯᠡ ᠠᠵᠢᠯᠯᠠᠭ᠎ᠠ ᠶᠠᠪᠤᠭᠤᠯᠳᠠᠭ ᠣᠨᠴᠠᠯᠢᠭ ᠲᠠᠢ᠃ ᠡᢉᠦᠨ ᠲᠡᠢ ᠬᠣᠯᠪᠣᠭ᠎ᠠ ᠲᠠᠢ ᠪᠠᠷ ᠲᠤᠰ ᠳᠡᢉᠦᠷᢉᠡ ᠶ᠋ᠢᠨ ᠫᠷᠣᠻᠦ᠋ᠷᠣᠷ ᠤ᠋ᠨ ᠭᠠᠵᠠᠷ ᠠ᠋ᠴᠠ ᠰᠣᠶᠣᠯ ᠤ᠋ᠨ ᠥᠪ ᠦ᠋ᠨ ᠡᠰᠡᠷᢉᠦ ᢉᠡᠮᠲᠦ ᢈᠡᠷᠡᢉ ᠢ᠋ ᠰᠢᠢᠳ᠋ᠪᠦᠷᠢᠯᠡᢈᠦ᠂ ᠡᠨᠡ ᠲᠥᠷᠦᠯ ᠦ᠋ᠨ ᢉᠡᠮᠲᠦ ᢈᠡᠷᠡᢉ ᠡᠴᠡ ᠤᠷᠢᠳᠴᠢᠯᠠᠨ ᠰᠡᠷᢉᠡᠶᠢᠯᠡᢈᠦ ᠳ᠋ᠦ ᠠᠨᠬᠠᠷᠴᠤ ᠠᠵᠢᠯᠯᠠᠳᠠᠭ᠃

ᠴᠢᠩᢉᠢᠯᠲᠡᠢ ᠳᠡᢉᠦᠷᢉᠡ ᠶ᠋ᠢᠨ ᠫᠷᠣᠻᠦ᠋ᠷᠣᠷ ᠤ᠋ᠨ ᠭᠠᠵᠠᠷ ᠠ᠋ᠴᠠ ᠤᠯᠤᠰ ᠤ᠋ᠨ ᢈᠡᠮᠵᠢᠶᠡᠨ ᠳ᠋ᠦ ᠰᠣᠶᠣᠯ ᠤ᠋ᠨ ᠥᠪ ᠦ᠋ᠨ ᠡᠰᠡᠷᢉᠦ ᠦᠢᠯᠡᠳᠦᢉᠳᠡᢉᠰᠡᠨ ᢈᠡᠷᠡᢉ ᠦ᠋ᠨ ᠰᠤᠳᠤᠯᠭ᠎ᠠ ᠶ᠋ᠢ ᠒᠐᠒᠒-᠒᠐᠒᠕ ᠣᠨ ᠤ᠋ ᠬᠠᠭᠠᠰ ᠵᠢᠯ ᠦ᠋ᠨ ᠪᠠᠶᠢᠳᠠᠯ ᠢ᠋ᠶᠠᠷ ᢈᠢᢉᠰᠡᠨ᠃ ᠳᠡᢉᠡᠷᠡᢈᠢ ᠬᠤᠭᠤᠴᠠᠭᠠᠨ ᠳ᠋ᠤ ᠫᠷᠣᠻᠦ᠋ᠷᠣᠷ ᠤ᠋ᠨ ᠪᠠᠶᠢᠭᠤᠯᠤᠯᠭ᠎ᠠ ᠡᠷᠦᢉᠦ ᠶ᠋ᠢᠨ ᠬᠠᠤᠯᠢ ᠶ᠋ᠢᠨ ᠒᠕ ᠳ᠋ᠤᠭᠠᠷ ᠪᠦᠯᠦᢉ ᠲᠦ ᠵᠠᠭᠠᠭᠰᠠᠨ ᠰᠣᠶᠣᠯ ᠤ᠋ᠨ ᠥᠪ ᠦ᠋ᠨ ᠡᠰᠡᠷᢉᠦ ᠨᠡᠶᠢᠲᠡ ᠙᠑ ᢈᠡᠷᠡᢉ ᠲᠦ ᢈᠢᠨᠠᠯᠲᠠ ᠲᠠᠯᠪᠢᠵᠤ᠂ ᠕᠒ ᢈᠡᠷᠡᢉ ᠢ᠋ ᠰᠢᢉᠦᢈᠦ ᠪᠡᠷ ᠡᠴᠦᠰᠯᠡᠨ ᠰᠢᠢᠳ᠋ᠪᠦᠷᠢᠯᠡᢉᠦᠯᠦᢉᠰᠡᠨ ᠡᠴᠡ ᠲᠤᠰ ᠳᠡᢉᠦᠷᢉᠡ ᠶ᠋ᠢᠨ ᠫᠷᠣᠻᠦ᠋ᠷᠣᠷ ᠤ᠋ᠨ ᠭᠠᠵᠠᠷ ᠠ᠋ᠴᠠ ᠕᠐ ᠬᠤᠪᠢ ᠳ᠋ᠤ ᠨᠢ ᠳᠠᠩ ᠢ᠋ᠶᠠᠷ ᠢ᠋ᠶᠠᠨ ᢈᠢᠨᠠᠯᠲᠠ ᠲᠠᠯᠪᠢᠭᠰᠠᠨ ᠪᠠᠶᠢᠨ᠎ᠠ᠃

ᠳᠡᢉᠦᠷᢉᠡ ᠶ᠋ᠢᠨ ᠫᠷᠣᠻᠦ᠋ᠷᠣᠷ ᠤ᠋ᠨ ᠭᠠᠵᠠᠷ ᠠ᠋ᠴᠠ ᠒᠐᠒᠖ ᠣᠨ ᠳ᠋ᠤ ᠰᠣᠶᠣᠯ ᠤ᠋ᠨ ᠥᠪ ᠦ᠋ᠨ ᠡᠰᠡᠷᢉᠦ ᠑᠒ ᢈᠡᠷᠡᢉ ᠲᠦ ᢈᠢᠨᠠᠯᠲᠠ ᠲᠠᠯᠪᠢᠵᠤ᠂ ᠘ ᢈᠡᠷᠡᢉ ᠢ᠋ ᠰᠢᢉᠦᢈᠦ ᠪᠡᠷ ᠰᠢᠢᠳ᠋ᠪᠦᠷᠢᠯᠡᢉᠦᠯᠦᢉᠡᠳ ᠪᠠᠶᠢᠨ᠎ᠠ᠃

ᠰᠣᠶᠣᠯ ᠤ᠋ᠨ ᠥᠪ ᠦ᠋ᠨ ᠡᠰᠡᠷᢉᠦ ᢉᠡᠮᠲᠦ ᢈᠡᠷᠡᢉ ᠦ᠋ᠨ ᠲᠠᠯ᠎ᠠ ᠪᠠᠷ ᠢᠷᢉᠡᠳ᠂ ᠣᠯᠠᠨ ᠨᠡᠶᠢᠲᠡ ᠲᠡᠳᠦᠢᠯᠡᠨ ᠣᠶᠢᠯᠭᠠᠯᠲᠠ᠂ ᠮᠡᠳᠡᢉᠡᠯᠡᠯ ᠲᠡᠢ ᠪᠠᠶᠢᠳᠠᠭ ᠦᢉᠡᠢ᠃ ᠰᠣᠶᠣᠯ ᠤ᠋ᠨ ᠥᠪ ᠦ᠋ᠨ ᠡᠰᠡᠷᢉᠦ ᢉᠡᠮᠲᠦ ᢈᠡᠷᠡᢉ ᠲᠦ ᠶᠠᠮᠠᠷ ᠲᠥᠷᠦᠯ ᠦ᠋ᠨ ᢈᠡᠷᠡᢉ ᠦ᠋ᠳ ᠪᠠᠭᠲᠠᠳᠠᠭ ᠪᠤᠢ?

ᠶᠠᠭᠤᠨ ᠤ᠋ ᠲᠦᠷᠦᢉᠦᠨ ᠳ᠋ᠦ ᠢᠷᢉᠡᠨ ᠪᠦᠷᠢ ᠰᠣᠶᠣᠯ ᠤ᠋ᠨ ᠥᠪ ᢉᠡᠵᠦ ᠶᠠᠭᠤ ᠪᠣᠯᠬᠤ ᠲᠠᠯ᠎ᠠ ᠪᠠᠷ ᠣᠶᠢᠯᠭᠠᠯᠲᠠ ᠲᠠᠢ ᠪᠣᠯᠬᠤ ᢈᠡᠷᠡᢉ ᠲᠡᠢ ᠪᠠᠶᠢᠨ᠎ᠠ᠃ ᠰᠣᠶᠣᠯ ᠤ᠋ᠨ ᠥᠪ ᠢ᠋ ᠬᠠᠮᠠᠭᠠᠯᠠᠬᠤ ᠲᠤᠬᠠᠢ ᠬᠠᠤᠯᠢ ᠳ᠋ᠤ ᠵᠠᠭᠠᠭᠰᠠᠨ ᠢ᠋ᠶᠠᠷ ᠲᠡᠦᢈᠡᠨ ᠲᠣᠳᠤᠷᠬᠠᠢ ᠣᠷᠣᠨ ᠵᠠᠢ᠂ ᠴᠠᠭ ᠦᠶ᠎ᠡ ᠶ᠋ᠢᠨ ᠠᠯᠢ ᠨᠢᢉᠡ ᢈᠡᠰᠡᢉ ᠢ᠋ ᠲᠥᠯᠦᢉᠡᠯᠡᠵᠦ ᠴᠢᠳᠠᠬᠤ ᠪᠠᠶᠢᠭᠠᠯᠢ᠂ ᠨᠡᠶᠢᢉᠡᠮ᠂ ᠲᠡᠦᢈᠡ᠂ ᠰᠣᠶᠣᠯ᠂ ᠤᠷᠠᠯᠢᠭ᠂ ᠰᠢᠨᠵᠢᠯᠡᢈᠦ ᠤᠬᠠᠭᠠᠨ ᠤ᠋ ᠦᠨ᠎ᠡ ᠴᠡᠨ᠎ᠡ᠂ ᠠᠴᠢ ᠬᠣᠯᠪᠣᠭᠳᠠᠯ ᠪᠦᢈᠦᠢ ᠥᠪ ᠢ᠋ ᢈᠡᠯᠡᠨ᠎ᠡ᠃ ᠲᠤᠬᠠᠶᠢᠯᠪᠠᠯ ᠬᠠᠳᠠᠨ ᠤ᠋ ᠰᠦᢉ ᠵᠢᠷᠤᠭ᠂ ᠬᠣᠲᠠ ᠰᠠᠭᠤᠷᠢᠨ᠂ ᠰᠦᠮ᠎ᠡ ᢈᠡᠢᠳ ᠦ᠋ᠨ ᠦᠯᠡᠳᠡᢉᠳᠡᠯ᠂ ᠪᠤᠯᠰᠢ ᢈᠢᠷᢉᠢᠰᠦᠷ᠂ ᠲᠡᠦᢈᠡᠨ ᠳᠤᠷᠠᠰᠬᠠᠯᠲᠤ ᠪᠠᠷᠢᠯᠭ᠎ᠠ ᠠᠷᢈᠢᠲᠧᠻᠲᠤᠷ ᠤ᠋ᠨ ᠳᠤᠷᠠᠰᠬᠠᠯ᠂ ᠤᠷᠭᠤᠮᠠᠯ ᠠᠮᠢᠲᠠᠨ ᠤ᠋ ᠶᠠᠰᠤ ᠵᠡᠷᢉᠡ ᠣᠯᠳᠠᠪᠤᠷᠢ᠂ ᠡᠷᠲᠡᠨ ᠦ᠋ ᠡᠳᠯᠡᠯ ᠵᠡᠷᢉᠡ ᠨᠢ ᠲᠡᠦᢈᠡ ᠰᠣᠶᠣᠯ ᠤ᠋ᠨ ᠥᠪ ᠲᠦ ᠬᠠᠮᠠᠭᠠᠷᠳᠠᠭ᠃

ᠡᠷᠦᢉᠦ ᠶ᠋ᠢᠨ ᠬᠠᠤᠯᠢ ᠶ᠋ᠢᠨ ᠒᠕ ᠳ᠋ᠤᠭᠠᠷ ᠪᠦᠯᠦᢉ ᠲᠦ ᠰᠣᠶᠣᠯ ᠤ᠋ᠨ ᠥᠪ ᠦ᠋ᠨ ᠡᠰᠡᠷᢉᠦ ᢉᠡᠮᠲᠦ ᢈᠡᠷᠡᢉ ᠢ᠋ ᠬᠠᠤᠯᠢᠴᠢᠯᠠᠭᠰᠠᠨ ᠪᠠᠶᠢᠳᠠᠭ᠃ ᠲᠡᠦᢈᠡ᠂ ᠰᠣᠶᠣᠯ ᠤ᠋ᠨ ᠳᠤᠷᠠᠰᠬᠠᠯᠲᠤ ᠵᠦᠢᠯ ᠢ᠋ ᠡᠪᠳᠡᢈᠦ᠂ ᢉᠡᠮᠲᠡᢉᠡᢈᠦ᠂ ᠤᠰᠠᠳᠬᠠᠬᠤ; ᠲᠡᠦᢈᠡ᠂ ᠰᠣᠶᠣᠯ ᠤ᠋ᠨ ᠦᠯᠦ ᢈᠥᠳᠡᠯᢈᠦ ᠳᠤᠷᠠᠰᠬᠠᠯ ᠢ᠋ ᠡᠪᠳᠡᢈᠦ᠂ ᢉᠡᠮᠲᠡᢉᠡᢈᠦ᠂ ᠤᠰᠠᠳᠬᠠᠬᠤ; ᠰᠣᠶᠣᠯ ᠤ᠋ᠨ ᠪᠡᠶᠡᠲᠦ ᠥᠪ ᠢ᠋ ᠵᠠᠪᠰᠢᠬᠤ᠂ ᠦᠷᠡᢉᠳᠡᢉᠦᠯᢈᠦ; ᠬᠠᠤᠯᠢ ᠪᠤᠰᠤ ᠪᠠᠷ ᠠᠷᢈᠧᠣᠯᠣᢉᠢ᠂ ᠫᠠᠯᠧᠣᠨᠲᠣᠯᠣᢉᠢ ᠶ᠋ᠢᠨ ᠬᠠᠶᠢᠭᠤᠯ᠂ ᠮᠠᠯᠲᠠᠯᠭ᠎ᠠ ᢈᠢᢈᠦ; ᠰᠣᠶᠣᠯ ᠤ᠋ᠨ ᠪᠡᠶᠡᠲᠦ ᠥᠪ ᠦ᠋ᠨ ᠬᠠᠤᠯᠢ ᠪᠤᠰᠤ ᠬᠤᠳᠠᠯᠳᠤᠭ᠎ᠠ ᠶ᠋ᠢ ᠵᠣᢈᠢᠶᠠᠨ ᠪᠠᠶᠢᠭᠤᠯᠬᠤ᠂ ᠵᠠᠭᠤᠴᠢᠯᠠᠬᠤ ᠵᠡᠷᢉᠡ ᠨᠢ ᠰᠣᠶᠣᠯ ᠤ᠋ᠨ ᠥᠪ ᠦ᠋ᠨ ᠡᠰᠡᠷᢉᠦ ᢉᠡᠮᠲᠦ ᢈᠡᠷᠡᢉ ᠶᠤᠮ᠃

ᠴᠢᠩᢉᠢᠯᠲᠡᠢ ᠳᠡᢉᠦᠷᢉᠡ ᠶ᠋ᠢᠨ ᠫᠷᠣᠻᠦ᠋ᠷᠣᠷ ᠤ᠋ᠨ ᠭᠠᠵᠠᠷ ᠠ᠋ᠴᠠ ᢈᠢᠨᠠᠯᠲᠠ ᠲᠠᠯᠪᠢᠭᠰᠠᠨ ᢈᠡᠷᠡᢉ ᠦ᠋ᠳ ᠡᠴᠡ ᠬᠠᠷᠠᠬᠤ ᠳ᠋ᠤ ᠰᠣᠶᠣᠯ ᠤ᠋ᠨ ᠪᠡᠶᠡᠲᠦ ᠥᠪ ᠢ᠋ ᠵᠠᠪᠰᠢᠬᠤ᠂ ᠰᠣᠶᠣᠯ ᠤ᠋ᠨ ᠪᠡᠶᠡᠲᠦ ᠥᠪ ᠦ᠋ᠨ ᠬᠠᠤᠯᠢ ᠪᠤᠰᠤ ᠬᠤᠳᠠᠯᠳᠤᠭ᠎ᠠ ᠶ᠋ᠢ ᠵᠣᢈᠢᠶᠠᠨ ᠪᠠᠶᠢᠭᠤᠯᠬᠤ᠂ ᠵᠠᠭᠤᠴᠢᠯᠠᠬᠤ ᢉᠡᠮᠲᠦ ᢈᠡᠷᠡᢉ ᠦ᠋ᠳ ᠵᠣᠩᢈᠢᠯᠠᠨ ᠪᠦᠷᠢᠳ᠋ᢈᠡᢉᠳᠡᠨ᠂ ᠰᠢᠯᠭᠠᠭᠳᠠᠭᠰᠠᠨ ᠪᠠᠶᠢᠨ᠎ᠠ᠃

ᠢᠷᢉᠡᠳ ᢈᠥᠳᠡᢉᠡ᠂ ᠣᠷᠣᠨ ᠨᠤᠲᠤᠭ ᠲᠤ ᠵᠣᠷᠴᠢᠬᠤ ᠳᠠᠭᠠᠨ ᠡᠰᠡᠪᠡᠯ ᠣᠷᠣᠨ ᠨᠤᠲᠤᠭ ᠤ᠋ᠨ ᠢᠷᢉᠡᠳ ᠲᠤᠬᠠᠶᠢᠨ ᠭᠠᠵᠠᠷ ᠨᠤᠲᠤᠭ ᠠ᠋ᠴᠠ ᠪᠠᠨ ᠰᠣᠶᠣᠯ ᠤ᠋ᠨ ᠥᠪ ᠲᠦ ᠬᠠᠮᠠᠭᠠᠷᠠᠬᠤ ᠳᠤᠷᠠᠰᠬᠠᠯᠲᠤ ᠵᠦᠢᠯ ᠢ᠋ ᠣᠯᠤᠭᠰᠠᠨ ᠡᠰᠡᠪᠡᠯ ᠦᠶ᠎ᠡ ᠳᠠᠮᠵᠢᠨ ᠬᠠᠳᠠᠭᠠᠯᠠᠬᠤ ᠲᠣᢈᠢᠶᠠᠯᠳᠠᠯ ᠤ᠋ᠳ ᠪᠠᠶᠢᠳᠠᠭ᠃ ᢉᠡᢉᠲᠡᠯ᠎ᠡ ᠰᠣᠶᠣᠯ ᠤ᠋ᠨ ᠥᠪ ᠢ᠋ ᠬᠠᠮᠠᠭᠠᠯᠠᠬᠤ ᠲᠤᠬᠠᠢ ᠬᠠᠤᠯᠢ ᠳ᠋ᠤ ᠵᠠᠭᠠᠭᠰᠠᠨ ᠢ᠋ᠶᠠᠷ ᠰᠣᠶᠣᠯ ᠤ᠋ᠨ ᠪᠡᠶᠡᠲᠦ ᠥᠪ ᠢ᠋ ᠥᠮᠴᠢᠯᠡᢉᠴᠢ ᠢᠷᢉᠡᠨ᠂ ᠬᠠᠤᠯᠢ ᠶ᠋ᠢᠨ ᠡᠲᠡᢉᠡᠳ ᠨᠢ ᠬᠠᠷᠢᠶᠠᠯᠠᠬᠤ ᠠᠶᠢᠮᠠᠭ᠂ ᠨᠡᠶᠢᠰᠯᠡᠯ ᠦ᠋ᠨ ᠰᠣᠶᠣᠯ ᠤ᠋ᠨ ᠥᠪ ᠦ᠋ᠨ ᠪᠦᠷᠢᠳ᠋ᢈᠡᠯ᠂ ᠮᠡᠳᠡᢉᠡᠯᠡᠯ ᠦ᠋ᠨ ᠰᠠᠩ ᠳ᠋ᠤ ᠪᠦᠷᠢᠳ᠋ᢈᠡᢉᠦᠯᢈᠦ᠂ ᠮᠥᠨ ᠰᠣᠶᠣᠯ ᠤ᠋ᠨ ᠪᠡᠶᠡᠲᠦ ᠥᠪ ᠢ᠋ ᠬᠤᠳᠠᠯᠳᠠᠬᠤ᠂ ᠪᠡᠯᠡᢉᠯᠡᢈᠦ᠂ ᠥᠪᠯᠡᢉᠦᠯᢈᠦ ᠵᠡᠷᢉᠡ ᠪᠡᠷ ᠥᠮᠴᠢᠯᠡᢈᠦ ᠡᠷᢈᠡ ᠪᠡᠨ ᠪᠤᠰᠤᠳ ᠲᠤ ᠰᠢᠯᠵᠢᢉᠦᠯᠦᢉᠰᠡᠨ ᠪᠣᠯ ᠲᠤᠬᠠᠶᠢᠨ ᠱᠠᠲᠤ ᠶ᠋ᠢᠨ ᠰᠣᠶᠣᠯ ᠤ᠋ᠨ ᠥᠪ ᠦ᠋ᠨ ᠪᠦᠷᠢᠳ᠋ᢈᠡᠯ᠂ ᠮᠡᠳᠡᢉᠡᠯᠡᠯ ᠦ᠋ᠨ ᠰᠠᠩ ᠳ᠋ᠤ ᠮᠡᠳᠡᢉᠳᠡᢈᠦ ᠡᢉᠦᠷᢉᠡ ᠲᠡᠢ ᠪᠠᠶᠢᠳᠠᠭ᠃ ᠡᠨᠡ ᠡᢉᠦᠷᢉᠡ ᠪᠡᠨ ᠪᠡᠶᠡᠯᠡᢉᠦᠯᠦᢉᠡ ᠦᢉᠡᠢ ᠲᠣᢈᠢᠶᠠᠯᠳᠠᠯ ᠳ᠋ᠤ ᠰᠣᠶᠣᠯ ᠤ᠋ᠨ ᠥᠪ ᠢ᠋ ᠵᠠᠪᠰᠢᠬᠤ ᢉᠡᠮᠲᠦ ᢈᠡᠷᠡᢉ ᠦᠢᠯᠡᠳᠦᢉᠰᠡᠨ ᢉᠡᠵᠦ ᠦᠵᠡᠨ ᠬᠠᠤᠯᠢ ᠶ᠋ᠢᠨ ᠬᠠᠷᠢᠭᠤᠴᠠᠯᠭ᠎ᠠ ᢈᠦᠯᠢᠶᠡᢈᠦ ᠦᠨᠳᠦᠰᠯᠡᠯ ᠪᠣᠯᠤᠨ᠎ᠠ ᢉᠡᢉᠰᠡᠨ ᠦᢉᠡ᠃

ᠲᠤᠬᠠᠶᠢᠯᠪᠠᠯ᠂ ᠢᠷᢉᠡᠨ ᠡ ᠰᠡᠯᠡᠩᢉᠡ ᠠᠶᠢᠮᠠᠭ ᠤ᠋ᠨ ᠶᠡᠷᠦᢉᠡ ᠰᠤᠮᠤ ᠶ᠋ᠢᠨ ᠨᠤᠲᠤᠭ ᠳᠡᠪᠢᠰᢈᠡᠷ ᠡᠴᠡ ᠳᠥᠷᠪᠡᠳᠦᢉᠴᠢ ᠭᠠᠯᠠᠪ ᠤ᠋ᠨ ᠦᠶ᠎ᠡ ᠳ᠋ᠦ ᠪᠤᠶᠤ ᠣᠢᠷᠠᠯᠴᠠᠭ᠎ᠠ ᠪᠠᠷ ᠒.᠖ ᠰᠠᠶ᠎ᠠ ᠠ᠋ᠴᠠ ᠑᠕ ᠮᠢᠩᠭᠠᠨ ᠵᠢᠯ ᠦ᠋ᠨ ᠡᠮᠦᠨᠡᢈᠢ ᠴᠠᠭ ᠦᠶ᠎ᠡ ᠳ᠋ᠦ ᠬᠠᠮᠠᠭᠠᠷᠠᠬᠤ ᠫᠠᠯᠧᠣᠨᠲᠣᠯᠣᢉᠢ ᠶ᠋ᠢᠨ ᠣᠯᠳᠠᠪᠤᠷᠢ ᠪᠣᠯᠬᠤ ᠠᠷᠰᠠᠯᠠᠨ ᠵᠠᠭᠠᠨ ᠤ᠋ ᠰᠣᠶᠣᠭ᠎ᠠ᠂ ᠰᠢᠳᠦ ᠶ᠋ᠢ ᠣᠯᠵᠤ ᠠᠪᠤᠭᠰᠠᠨ ᠪᠥᢉᠡᠳ ᠬᠣᠯᠪᠤᠭᠳᠠᠬᠤ ᠪᠠᠶᠢᠭᠤᠯᠤᠯᠭ᠎ᠠ ᠳ᠋ᠤ ᠮᠡᠳᠡᢉᠳᠡᠵᠦ᠂ ᠪᠦᠷᠢᠳ᠋ᢈᠡᢉᠦᠯᠦᠯ ᠦᢉᠡᠢ ᠪᠡᠷ ᠬᠠᠳᠠᠭᠠᠯᠠᠵᠤ᠂ ᠥᠪᠡᠷ ᠦ᠋ᠨ ᠮᠡᠳᠡᠯ ᠳ᠋ᠦ ᠪᠠᠶᠢᠯᠭᠠᠭᠰᠠᠨ ᠦᠢᠯᠡᠳᠦᠯ ᠨᠢ ᠡᠷᠦᢉᠦ ᠶ᠋ᠢᠨ ᠬᠠᠤᠯᠢ ᠶ᠋ᠢᠨ ᠒᠕.᠓ ᠳ᠋ᠤᠭᠠᠷ ᠵᠦᠢᠯ ᠦ᠋ᠨ ᠑ ᠳ᠋ᠡᢈᠢ ᢈᠡᠰᠡᢉ ᠲᠦ ᠵᠠᠭᠠᠭᠰᠠᠨ ᠰᠣᠶᠣᠯ ᠤ᠋ᠨ ᠪᠡᠶᠡᠲᠦ ᠥᠪ ᠢ᠋ ᠵᠠᠪᠰᠢᠬᠤ ᢉᠡᠮᠲᠦ ᢈᠡᠷᠡᢉ ᠲᠤᠯᠠ ᠫᠷᠣᠻᠦ᠋ᠷᠣᠷ ᠠ᠋ᠴᠠ ᠶᠠᠯᠯᠠᠬᠤ ᠳᠦᢉᠨᠡᠯᠲᠡ ᠦᠢᠯᠡᠳᠦᠵᠦ᠂ ᠰᠢᢉᠦᢈᠦ ᠪᠡᠷ ᠰᠢᠢᠳ᠋ᠪᠦᠷᠢᠯᠡᢉᠦᠯᠦᢉᠰᠡᠨ᠃

ᠬᠠᠷᠢᠨ ᠰᠣᠶᠣᠯ ᠤ᠋ᠨ ᠪᠡᠶᠡᠲᠦ ᠥᠪ ᠦ᠋ᠨ ᠬᠠᠤᠯᠢ ᠪᠤᠰᠤ ᠬᠤᠳᠠᠯᠳᠤᠭ᠎ᠠ ᠶ᠋ᠢ ᠵᠣᢈᠢᠶᠠᠨ ᠪᠠᠶᠢᠭᠤᠯᠬᠤ᠂ ᠵᠠᠭᠤᠴᠢᠯᠠᠬᠤ ᢉᠡᠮᠲᠦ ᢈᠡᠷᠡᢉ ᠲᠦ ᠮᠡᠷᢉᠡᠵᠢᠯ ᠦ᠋ᠨ ᠪᠠᠶᠢᠭᠤᠯᠤᠯᠭ᠎ᠠ ᠶ᠋ᠢᠨ ᠠᠯᠪᠠᠨ ᠲᠤᠰᠢᠶᠠᠯᠲᠠᠨ ᠤ᠋ᠳ ᠬᠣᠯᠪᠤᠭᠳᠠᠭᠰᠠᠨ ᠲᠣᢈᠢᠶᠠᠯᠳᠠᠯ ᠤ᠋ᠳ ᠵᠣᠩᢈᠢᠯᠠᠨ ᠭᠠᠷᠴᠤ ᠪᠠᠶᠢᠨ᠎ᠠ᠃ ᠥᠪᠡᠷ᠎ᠡ ᠪᠡᠷ ᢈᠡᠯᠡᠪᠡᠯ ᠮᠡᠷᢉᠡᠵᠢᠯ ᠦ᠋ᠨ ᠮᠡᠳᠡᠯᢉᠡ᠂ ᠴᠢᠳᠠᠪᠤᠷᠢ ᠪᠠᠨ ᠠᠰᠢᠭᠯᠠᠨ ᠠᠰᠢᠭ ᠣᠯᠬᠤ ᠵᠣᠷᠢᠯᠭ᠎ᠠ ᠪᠠᠷ ᠰᠣᠶᠣᠯ ᠤ᠋ᠨ ᠥᠪ ᠢ᠋ ᠪᠤᠰᠤᠳ ᠲᠤ ᠬᠠᠤᠯᠢ ᠪᠤᠰᠤ ᠪᠠᠷ ᠬᠤᠳᠠᠯᠳᠠᠬᠤ᠂ ᠬᠤᠳᠠᠯᠳᠤᠭ᠎ᠠ ᠶ᠋ᠢ ᠵᠣᢈᠢᠶᠠᠨ ᠪᠠᠶᠢᠭᠤᠯᠬᠤ ᠵᠡᠷᢉᠡ ᠪᠡᠷ ᢉᠡᠮᠲᠦ ᢈᠡᠷᠡᢉ ᠲᠦ ᠬᠣᠯᠪᠤᠭᠳᠠᠭᠰᠠᠨ ᠪᠠᠶᠢᠳᠠᠭ᠃

ᠡᠷᠦᢉᠦ ᠶ᠋ᠢᠨ ᠬᠠᠤᠯᠢ ᠳ᠋ᠤ ᠵᠠᠭᠠᠭᠰᠠᠨ ᠢ᠋ᠶᠠᠷ ᠰᠣᠶᠣᠯ ᠤ᠋ᠨ ᠪᠡᠶᠡᠲᠦ ᠥᠪ ᠢ᠋ ᠵᠠᠪᠰᠢᠬᠤ᠂ ᠦᠷᠡᢉᠳᠡᢉᠦᠯᠦᢉᠰᠡᠨ ᠲᠣᢈᠢᠶᠠᠯᠳᠤᠯ ᠳ᠋ᠤ ᠒.᠗ ᠰᠠᠶ᠎ᠠ ᠠ᠋ᠴᠠ ᠑᠔ ᠰᠠᠶ᠎ᠠ ᠲᠥᢉᠦᠷᠢᢉ ᠢ᠋ᠶᠡᠷ ᠲᠣᠷᠭᠠᠬᠤ᠂ ᠡᠰᠡᢈᠦᠯᠡ ᠖ ᠰᠠᠷ᠎ᠠ ᠠ᠋ᠴᠠ ᠓ ᠵᠢᠯ ᢈᠦᠷᠲᠡᠯᠡ ᠬᠤᠭᠤᠴᠠᠭ᠎ᠠ ᠪᠠᠷ ᠵᠣᠷᠴᠢᠬᠤ ᠡᠷᢈᠡ ᠶ᠋ᠢ ᢈᠢᠵᠠᠭᠠᠷᠯᠠᠬᠤ᠂ ᠡᠰᠡᢈᠦᠯᠡ ᠖ ᠰᠠᠷ᠎ᠠ ᠠ᠋ᠴᠠ ᠓ ᠵᠢᠯ ᠭᠤᠷᠪᠠᠨ ᠵᠢᠯ ᢈᠦᠷᠲᠡᠯᠡ ᠬᠤᠭᠤᠴᠠᠭ᠎ᠠ ᠪᠠᠷ ᠬᠣᠷᠢᠬᠤ ᠶᠠᠯ᠎ᠠ᠂ ᠰᠣᠶᠣᠯ ᠤ᠋ᠨ ᠪᠡᠶᠡᠲᠦ ᠥᠪ ᠦ᠋ᠨ ᠬᠤᠳᠠᠯᠳᠤᠭ᠎ᠠ ᠶ᠋ᠢ ᠬᠠᠤᠯᠢ ᠪᠤᠰᠤ ᠪᠠᠷ ᠶᠠᠪᠤᠭᠤᠯᠤᠭᠰᠠᠨ᠂ ᠵᠠᠭᠤᠴᠢᠯᠠᠭᠰᠠᠨ ᠪᠣᠯ ᠕.᠔ ᠰᠠᠶ᠎ᠠ ᠠ᠋ᠴᠠ ᠒᠗ ᠰᠠᠶ᠎ᠠ ᠲᠥᢉᠦᠷᠢᢉ ᠲᠡᠢ ᠲᠡᠩᠴᠡᢈᠦ ᢈᠡᠮᠵᠢᠶᠡᠨ ᠦ᠋ ᠲᠥᢉᠦᠷᠢᢉ ᠢ᠋ᠶᠡᠷ ᠲᠣᠷᠭᠠᠬᠤ᠂ ᠡᠰᠡᢈᠦᠯᠡ ᠨᠢᢉᠡ ᠑-᠕ ᠵᠢᠯ ᢈᠦᠷᠲᠡᠯᠡ ᠬᠤᠭᠤᠴᠠᠭ᠎ᠠ ᠪᠠᠷ ᠵᠣᠷᠴᠢᠬᠤ ᠡᠷᢈᠡ ᠶ᠋ᠢ ᢈᠢᠵᠠᠭᠠᠷᠯᠠᠬᠤ᠂ ᠡᠰᠡᢈᠦᠯᠡ ᠑-᠕ ᠵᠢᠯ ᢈᠦᠷᠲᠡᠯᠡ ᠬᠤᠭᠤᠴᠠᠭ᠎ᠠ ᠪᠠᠷ ᠬᠣᠷᠢᠬᠤ ᠶᠠᠯ᠎ᠠ ᠣᠨᠤᠭᠳᠠᠭᠤᠯᠬᠤ ᠪᠠᠷ ᠬᠠᠤᠯᠢᠴᠢᠯᠠᠭᠰᠠᠨ᠃

ᠴᠢᠩᢉᠡᠯᠲᠡᠢ ᠳᠡᢉᠦᠷᢉᠡ ᠶ᠋ᠢᠨ ᠫᠷᠤᠻᠦᠷᠤᠷ ᠤ᠋ᠨ ᠭᠠᠵᠠᠷ ᠠ᠋ᠴᠠ ᠡᠨᠡ ᠲᠥᠷᠦᠯ ᠦ᠋ᠨ ᢈᠡᠴᠢᠨᠡᠨ ᢈᠡᠷᠡᢉ ᠢ᠋ ᠰᠢᢉᠦᢈᠦ ᠪᠡᠷ ᠰᠢᠢᠳᠪᠦᠷᠢᠯᠡᢉᠦᠯᠦᢉᠰᠡᠨ ᠪᠤᠢ? ᠲᠥᠷᠦ᠂ ᠨᠡᠶᠢᠲᠡ ᠶ᠋ᠢᠨ ᠠᠰᠢᠭ ᠰᠣᠨᠢᠷᠬᠠᠯ ᠢ᠋ ᠬᠠᠮᠠᠭᠠᠯᠠᠬᠤ ᠴᠢᢉᠯᠡᠯ ᠢ᠋ᠶᠡᠷ ᢈᠡᠷᢈᠢᠨ ᠠᠵᠢᠯᠯᠠᠵᠤ ᠪᠠᠶᠢᠨ᠎ᠠ ᠪᠤᠢ?

ᠲᠤᠰ ᠳᠡᢉᠦᠷᢉᠡ ᠶ᠋ᠢᠨ ᠫᠷᠤᠻᠦᠷᠤᠷ ᠤ᠋ᠨ ᠭᠠᠵᠠᠷ ᠠ᠋ᠴᠠ ᠒᠐᠒᠖ ᠣᠨ ᠳ᠋ᠤ ᠑᠑ ᢈᠦᠮᠦᠨ ᠳ᠋ᠦ ᠬᠣᠯᠪᠤᠭᠳᠠᠬᠤ ᠘ ᢈᠡᠷᠡᢉ ᠲᠦ ᠶᠠᠯᠯᠠᠬᠤ ᠳᠦᢉᠨᠡᠯᠲᠡ ᠦᠢᠯᠡᠳᠦᠵᠦ᠂ ᠰᠢᢉᠦᢈᠦ ᠪᠡᠷ ᠰᠢᠢᠳᠪᠦᠷᠢᠯᠡᢉᠦᠯᠦᢉᠰᠡᠨ᠃ ᠰᠢᢉᠦᢈᠦ ᠡᠴᠡ ᠨᠢᢉᠡ ᢈᠦᠮᠦᠨ ᠢ᠋ ᠡᠷᠦᢉᠦ ᠶ᠋ᠢᠨ ᠬᠠᠷᠢᠭᠤᠴᠠᠯᠭ᠎ᠠ ᠠ᠋ᠴᠠ ᠴᠢᠯᠦᢉᠡᠯᠡᠵᠦ᠂ ᠑᠐ ᢈᠦᠮᠦᠨ ᠳ᠋ᠦ ᠕-᠑᠗ ᠰᠠᠶ᠎ᠠ ᠲᠥᢉᠦᠷᠢᢉ ᠢ᠋ᠶᠡᠷ ᠲᠣᠷᠭᠠᠬᠤ ᠶᠠᠯ᠎ᠠ ᠣᠨᠤᠭᠳᠠᠭᠤᠯᠵᠤ᠂ ᢉᠡᠮᠲᠦ ᢈᠡᠷᠡᢉ ᠦ᠋ᠨ ᠤᠯᠠᠮ ᠠ᠋ᠴᠠ ᠬᠠᠤᠯᠢ ᠪᠤᠰᠤ ᠪᠠᠷ ᠣᠯᠵᠤ ᠠᠪᠤᠭᠰᠠᠨ ᠰᠣᠶᠣᠯ ᠤ᠋ᠨ ᠪᠡᠶᠡᠲᠦ ᠥᠪ ᠢ᠋ ᠤᠯᠤᠰ ᠤ᠋ᠨ ᠣᠷᠣᠯᠭ᠎ᠠ ᠪᠣᠯᠭᠠᠬᠤ ᠪᠠᠷ ᠰᠢᠢᠳᠪᠦᠷᠢᠯᠡᢉᠰᠡᠨ᠃

ᠭᠠᠳᠠᠭᠠᠳᠤ ᠤᠯᠤᠰ ᠲᠤ ᠭᠠᠷᠭᠠᠭᠰᠠᠨ ᠰᠣᠶᠣᠯ ᠤ᠋ᠨ ᠥᠪ ᠦ᠋ᠨ ᢈᠥᠳᠡᠯᢈᠦ ᠪᠣᠯᠣᠨ ᠦᠯᠦ ᢈᠥᠳᠡᠯᢈᠦ ᠳᠤᠷᠠᠰᠬᠠᠯ ᠤᠳ ᠢ᠋ ᠰᠢᠯᠵᠢᢉᠦᠯᠦᠨ ᠠᠪᠬᠤ ᠠᠵᠢᠯᠯᠠᠭᠠᠨ ᠤ᠋ ᢈᠦᠷᠢᠶᠡᠨ ᠳ᠋ᠦ ᠒᠐᠒᠔ ᠣᠨ ᠳ᠋ᠤ ᠦᠯᠡᢉ ᢉᠦᠷᠪᠡᠯ ᠦ᠋ᠨ ᠬᠣᠶᠠᠷ ᠠᠷᠠᠭ ᠶᠠᠰᠤ ᠶ᠋ᠢ ᠮᠣᠩᠭᠣᠯ ᠤᠯᠤᠰ ᠲᠤ ᠡᠷᢉᠢᢉᠦᠯᠦᠨ ᠠᠪᠴᠤ᠂ ᠰᠣᠶᠣᠯ ᠤ᠋ᠨ ᠶᠠᠮᠤ ᠪᠣᠯᠣᠨ ᠫᠠᠯᠧᠣᠨᠲᠣᠯᠣᢉᠢ ᠶ᠋ᠢᠨ ᢈᠦᠷᠢᠶᠡᠯᠡᠩ ᠳ᠋ᠦ ᠰᠢᠯᠵᠢᢉᠦᠯᠦᠨ ᠥᠭᢉᠦᢉᠰᠡᠨ ᠪᠠᠶᠢᠳᠠᠭ᠃

ᠡᠨᠡ ᠲᠥᠷᠦᠯ ᠦ᠋ᠨ ᢉᠡᠮᠲᠦ ᢈᠡᠷᠡᢉ ᠦ᠋ᠨ ᠣᠨᠴᠠᠯᠢᠭ ᠨᠢ ᢉᠡᠮᠲᠦ ᢈᠡᠷᠡᢉ ᠦᠢᠯᠡᠳᠦᢈᠦ ᠳᠡᢉᠡᠨ ᠠᠰᠢᠭᠯᠠᠭᠰᠠᠨ ᠡᠳ ᠵᠦᠢᠯ ᠪᠣᠯᠬᠤ ᠮᠧᠲᠠᠯ ᠬᠠᠶᠢᠭᠴᠢ ᠪᠣᠯᠣᠨ ᠪᠤᠰᠤᠳ ᠡᠳ ᠵᠦᠢᠯ᠂ ᠲᠡᢉᠡᠪᠦᠷᠢ ᠶ᠋ᠢᠨ ᢈᠡᠷᠡᢉᠰᠡᠯ ᠢ᠋ ᠤᠯᠤᠰ ᠤ᠋ᠨ ᠣᠷᠣᠯᠭ᠎ᠠ ᠪᠣᠯᠭᠠᠳᠠᠭ᠂ ᠵᠠᠷᠢᠮ ᠲᠣᢈᠢᠶᠠᠯᠳᠤᠯ ᠳ᠋ᠤ ᠤᠰᠠᠳᠬᠠᠬᠤ ᠪᠠᠷ ᠰᠢᠢᠳᠪᠦᠷᠢᠯᠡᠳᠡᢉ᠃

᠒᠐᠒᠖ ᠣᠨ ᠳ᠋ᠤ ᠰᠢᢉᠦᢈᠦ ᠪᠡᠷ ᠰᠢᠢᠳᠪᠦᠷᠢᠯᠡᢉᠰᠡᠨ ᢈᠡᠷᠡᢉ ᠲᠦ ᠬᠤᠷᠠᠭᠠᠭᠳᠠᠭᠰᠠᠨ ᠳᠤᠮᠳᠠᠳᠤ ᠵᠠᠭᠤᠨ ᠤ᠋ ᠦᠶ᠎ᠡ ᠶ᠋ᠢᠨ ᠪᠤᠯᠰᠢ ᠣᠷᠤᠰᠢᠭᠤᠯᠭ᠎ᠠ ᠶ᠋ᠢᠨ ᠳᠤᠷᠠᠰᠬᠠᠯ ᠠ᠋ᠴᠠ ᠣᠯᠳᠠᠭᠰᠠᠨ ᢈᠦᠷᠡᠯ ᠵᠣᠭᠣᠰ᠂ ᠵᠡᠪ᠂ ᠬᠠᠯᠪᠠᠭ᠎ᠠ᠂ ᠬᠤᠳᠤᠭ᠎ᠠ᠂ ᠭᠣᠶᠣᠯ ᠴᠢᠮᠡᢉᠯᠡᠯ ᠵᠡᠷᢉᠡ ᠰᠣᠶᠣᠯ ᠤ᠋ᠨ ᠪᠡᠶᠡᠲᠦ ᠥᠪ ᠢ᠋ ᠤᠯᠤᠰ ᠤ᠋ᠨ ᠣᠷᠣᠯᠭ᠎ᠠ ᠪᠣᠯᠭᠠᠨ ᠰᠣᠶᠣᠯ᠂ ᠰᠫᠣᠷᠲ᠂ ᠠᠶᠠᠯᠠᠯ ᠵᠢᠭᠤᠯᠴᠢᠯᠠᠯ᠂ ᠵᠠᠯᠠᠭᠤᠴᠤᠳ ᠤ᠋ᠨ ᠶᠠᠮᠤᠨ ᠳ᠋ᠤ ᠰᠢᠯᠵᠢᢉᠦᠯᠵᠦ ᠰᠢᠢᠳᠪᠦᠷᠢᠯᠡᢉᠰᠡᠨ᠃

ᠰᠣᠶᠣᠯ ᠤ᠋ᠨ ᠥᠪ ᠦ᠋ᠨ ᠡᠰᠡᠷᢉᠦ ᢉᠡᠮᠲᠦ ᢈᠡᠷᠡᢉ ᠢ᠋ ᠪᠤᠷᠤᠭᠤᠯᠠᠬᠤ᠂ ᠤᠷᠢᠳᠴᠢᠯᠠᠨ ᠰᠡᠷᢉᠡᠶᠢᠯᠡᢈᠦ ᠴᠢᢉᠯᠡᠯ ᠢ᠋ᠶᠡᠷ ᢈᠡᠷᢈᠢᠨ ᠠᠵᠢᠯᠯᠠᠵᠤ ᠪᠠᠶᠢᠨ᠎ᠠ ᠪᠤᠢ?

ᠴᠢᠩᢉᠡᠯᠲᠡᠢ ᠳᠡᢉᠦᠷᢉᠡ ᠶ᠋ᠢᠨ ᠫᠷᠤᠻᠦᠷᠤᠷ ᠤ᠋ᠨ ᠭᠠᠵᠠᠷ ᠠ᠋ᠴᠠ ᠰᠣᠶᠣᠯ ᠤ᠋ᠨ ᠥᠪ ᠦ᠋ᠨ ᠡᠰᠡᠷᢉᠦ ᢉᠡᠮᠲᠦ ᢈᠡᠷᠡᢉ ᠦ᠋ᠨ ᠰᠢᠢᠳᠪᠦᠷᠢᠯᠡᠯᠲᠡ ᠳ᠋ᠦ ᠠᠩᠬᠠᠷᠤᠯ ᠢ᠋ᠶᠠᠨ ᠬᠠᠨᠳᠤᠭᠤᠯᠵᠤ᠂ ᠬᠣᠯᠪᠤᠭᠳᠠᠬᠤ ᠪᠠᠶᠢᠭᠤᠯᠤᠯᠭ᠎ᠠ ᠨᠤᠭᠤᠳ ᠢ᠋ ᠣᠷᠣᠯᠴᠠᠭᠤᠯᠤᠨ ᠒᠐᠒᠔᠂ ᠒᠐᠒᠕ ᠣᠨ ᠤᠳ ᠲᠤ ᢈᠡᠯᠡᠯᠴᠡᢉᠦᠯᢉᠡ ᠵᠣᢈᠢᠶᠠᠨ ᠪᠠᠶᠢᠭᠤᠯᠵᠤ᠂ ᠠᠩᠬᠠᠷᠬᠤ ᠠᠰᠠᠭᠤᠳᠠᠯ᠂ ᠲᠤᠯᠭᠠᠮᠳᠠᠭᠰᠠᠨ ᠠᠰᠠᠭᠤᠳᠠᠯ ᠢ᠋ᠶᠠᠨ ᢈᠡᠯᠡᠯᠴᠡᠵᠦ᠂ ᠡᢉᠦᠨ ᠢ᠋ ᠰᠢᠢᠳᠪᠦᠷᠢᠯᠡᠵᠦ ᠪᠣᠯᠬᠤ ᠠᠷᠭ᠎ᠠ ᠵᠠᠮ ᠤᠳ ᠢ᠋ᠶᠠᠨ ᠲᠣᠳᠣᠷᠬᠠᠶᠢᠯᠠᠭᠰᠠᠨ᠃

ᠲᠤᠬᠠᠶᠢᠯᠠᠪᠠᠯ᠂ ᠰᠣᠶᠣᠯ ᠤ᠋ᠨ ᠥᠪ ᠦ᠋ᠨ ᠡᠰᠡᠷᢉᠦ ᠲᠤᠰᠬᠠᠢ ᠮᠡᠳᠡᠯᢉᠡ ᠲᠡᠢ ᠮᠡᠷᢉᠡᠵᠢᠯᠲᠡᠨ ᠨᠦᢉᠦᠳ ᠢ᠋ ᠰᠢᠨᠵᠢᠴᠢ ᠶ᠋ᠢᠨ ᠡᠷᢈᠡ ᠲᠡᠢ ᠪᠣᠯᠭᠠᠬᠤ᠂ ᢈᠡᠷᠡᢉ ᠪᠦᠷᠢᠳᢈᠡᠯᠲᠡ᠂ ᠮᠥᠷᠳᠡᠨ ᠪᠠᠶᠢᠴᠠᠭᠠᠯᠲᠠ ᠶ᠋ᠢᠨ ᠠᠵᠢᠯᠯᠠᠭᠠᠨ ᠳ᠋ᠤ ᠬᠠᠮᠲᠤᠷᠠᠨ ᠠᠵᠢᠯᠯᠠᠬᠤ᠂ ᠮᠥᠨ ᠬᠤᠷᠠᠭᠠᠨ ᠠᠪᠤᠭᠰᠠᠨ ᠰᠣᠶᠣᠯ ᠤ᠋ᠨ ᠥᠪ ᠢ᠋ ᠰᠢᠢᠳᠪᠦᠷᠢᠯᠡᢈᠦ ᠵᠢᠷᠤᠮ ᠢ᠋ ᠪᠣᠯᠪᠠᠰᠤᠷᠠᠩᠭᠤᠢ ᠪᠣᠯᠭᠠᠬᠤ ᠲᠠᠯ᠎ᠠ ᠪᠠᠷ ᠰᠠᠨᠠᠯ ᠤᠳ ᠢ᠋ᠶᠠᠨ ᠲᠠᠨᠢᠯᠴᠠᠭᠤᠯᠵᠤ᠂ ᢈᠡᠯᠡᠯᠴᠡᢉᠦᠯᠦᢉᠰᠡᠨ᠃

ᠰᠣᠶᠣᠯ ᠤ᠋ᠨ ᠥᠪ ᠢ᠋ ᠬᠠᠮᠠᠭᠠᠯᠠᠬᠤ ᠨᠢ ᠵᠥᠪᢈᠡᠨ ᠠᠯᠢ ᠨᠢᢉᠡ ᠲᠥᠷᠦ ᠶ᠋ᠢᠨ ᠪᠠᠶᠢᠭᠤᠯᠤᠯᠭ᠎ᠠ᠂ ᠬᠠᠤᠯᠢ ᠰᠠᢈᠢᠭᠤᠯᠬᠤ ᠪᠠᠶᠢᠭᠤᠯᠤᠯᠭ᠎ᠠ ᠶ᠋ᠢᠨ ᠡᢉᠦᠷᢉᠡ ᢉᠡᠵᠦ ᠣᠶᠢᠯᠭᠠᠵᠤ ᠪᠣᠯᠬᠤ ᠦᢉᠡᠢ᠂ ᠢᠷᢉᠡᠳ ᠦ᠋ᠨ ᠣᠷᠣᠯᠴᠠᠭ᠎ᠠ ᠮᠠᠰᠢ ᠴᠢᠬᠤᠯᠠ ᠶᠤᠮ᠃

ᠰᠣᠶᠣᠯ ᠤ᠋ᠨ ᠥᠪ ᠦ᠋ᠨ ᠦᠨ᠎ᠡ ᠴᠡᠨ᠎ᠡ᠂ ᠠᠴᠢ ᠬᠣᠯᠪᠤᠭᠳᠠᠯ ᠤ᠋ᠨ ᠲᠠᠯᠠᠭᠠᠷᢈᠢ ᠢᠷᢉᠡᠳ ᠦ᠋ᠨ ᠡᠷᢈᠡ ᠵᠦᠢ ᠶ᠋ᠢᠨ ᠮᠡᠳᠡᠯᢉᠡ ᠳᠤᠲᠠᠮᠠᠭ᠂ ᠲᠡᢉᠦᠨ ᠢ᠋ ᠬᠠᠮᠠᠭᠠᠯᠠᠬᠤ᠂ ᠣᠯᠤᠭᠰᠠᠨ ᠪᠣᠯ ᠬᠠᠮᠢᠭ᠎ᠠ ᠬᠠᠨᠳᠤᠬᠤ᠂ ᢈᠡᠷᢈᠢᠨ ᠰᠢᠢᠳᠪᠦᠷᠢᠯᠡᢉᠦᠯᢈᠦ ᠶᠣᠰᠤᠲᠠᠢ ᠲᠠᠯᠠᠭᠠᠷᢈᠢ ᠮᠡᠳᠡᢉᠡᠯᠡᠯ ᠪᠠᠭ᠎ᠠ ᠪᠠᠶᠢᠭ᠎ᠠ ᠨᠢ ᠡᠨᠡ ᠲᠥᠷᠦᠯ ᠦ᠋ᠨ ᢉᠡᠮᠲᠦ ᢈᠡᠷᠡᢉ ᠭᠠᠷᠬᠤ ᠨᠢᢉᠡ ᠰᠢᠯᠲᠠᠭᠠᠨ ᠪᠣᠯᠵᠤ ᠪᠠᠶᠢᠨ᠎ᠠ᠃ ᠲᠡᠢᠮᠦ ᠡᠴᠡ ᠢᠷᢉᠡᠳ ᠰᠣᠶᠣᠯ ᠤ᠋ᠨ ᠪᠡᠶᠡᠲᠦ ᠥᠪ᠂ ᠫᠠᠯᠧᠣᠨᠲᠣᠯᠣᢉᠢ ᠶ᠋ᠢᠨ ᠣᠯᠳᠠᠪᠤᠷᠢ ᠣᠯᠤᠭᠰᠠᠨ ᠲᠣᢈᠢᠶᠠᠯᠳᠤᠯ ᠳ᠋ᠤ ᠲᠤᠬᠠᠶᠢᠨ ᠠᠶᠢᠮᠠᠭ᠂ ᠣᠷᠤᠨ ᠨᠤᠲᠤᠭ ᠤ᠋ᠨ ᠵᠠᠰᠠᠭ ᠳᠠᠷᠤᠭ᠎ᠠ᠂ ᠢᠷᢉᠡᠳ ᠦ᠋ᠨ ᠬᠤᠷᠠᠯ ᠤ᠋ᠨ ᠲᠥᠯᠦᢉᠡᠯᠡᢉᠴᠢᠳ᠂ ᠰᠣᠶᠣᠯ ᠤ᠋ᠨ ᠥᠪ ᠢ᠋ ᠬᠠᠮᠠᠭᠠᠯᠠᠬᠤ ᠴᠢᢉᠯᠡᠯ ᠢ᠋ᠶᠡᠷ ᠦᠢᠯᠡ ᠠᠵᠢᠯᠯᠠᠭ᠎ᠠ ᠶᠠᠪᠤᠭᠤᠯᠳᠠᠭ ᠪᠠᠶᠢᠭᠤᠯᠤᠯᠭ᠎ᠠ ᠨᠤᠭᠤᠳ ᠲᠤ ᠮᠡᠳᠡᢉᠳᠡᢈᠦ ᠶᠣᠰᠤᠲᠠᠢ᠃

ᠢᠷᢉᠡᠨ ᠪᠦᠷᠢ ᠰᠣᠶᠣᠯ ᠤ᠋ᠨ ᠥᠪ ᠢ᠋ ᠬᠠᠶᠢᠷᠠᠯᠠᠨ ᠬᠠᠮᠠᠭᠠᠯᠠᠬᠤ᠂ ᠦᠨ᠎ᠡ ᠴᠡᠨ᠎ᠡ᠂ ᠠᠴᠢ ᠬᠣᠯᠪᠤᠭᠳᠠᠯ ᠢ᠋ ᠣᠶᠢᠯᠭᠠᠬᠤ᠂ ᠬᠠᠤᠯᠢ ᠪᠤᠰᠤ ᠦᠢᠯᠡᠳᠦᠯ ᠡᠴᠡ ᠤᠷᠢᠳᠴᠢᠯᠠᠨ ᠰᠡᠷᢉᠡᠶᠢᠯᠡᢈᠦ ᠳ᠋ᠦ ᠥᠪᠡᠷ ᠦ᠋ᠨ ᠬᠤᠪᠢ ᠨᠡᠮᠡᠷ ᠢ᠋ᠶᠡᠨ ᠣᠷᠤᠭᠤᠯᠬᠤ ᠡᢉᠦᠷᢉᠡ ᠲᠡᠢ ᠪᠠᠶᠢᠳᠠᠭ᠃

ᠡᠴᠦᠰ ᠲᠦ ᠨᠢ ᢈᠡᠯᠡᢈᠦ ᠳ᠋ᠦ ᠥᠨᠥᠳᠥᠷ ᠪᠢᠳᠡᠨ ᠦ᠋ ᠬᠠᠮᠠᠭᠠᠯᠠᠭᠰᠠᠨ ᠰᠣᠶᠣᠯ ᠤ᠋ᠨ ᠥᠪ ᠮᠠᠷᠭᠠᠰᠢ ᠶ᠋ᠢᠨ ᠦᠷ᠎ᠡ ᢈᠡᠦᢈᠡᠳ ᠦ᠋ᠨ ᠮᠠᠨᠢ ᠲᠡᠦᢈᠡ᠂ ᠪᠠᠬᠠᠷᠬᠠᠯ ᠪᠣᠯᠣᠨ ᠦᠯᠡᠳᠡᢈᠦ ᠪᠣᠯᠤᠨ᠎ᠠ ᢉᠡᠵᠦ ᢈᠡᠯᠡᠮᠡᠷ ᠪᠠᠶᠢᠨ᠎ᠠ᠃

ᠮᠡᠳᠡᢉᠡ ᠶ᠋ᠢ ᠬᠤᠪᠢᠶᠠᠯᠴᠠᠬᠤ:
ᠬᠣᠯᠪᠣᠭᠣᠰᠤ ᠬᠠᠭᠤᠯᠤᠭᠳᠠᠯᠠᠭ᠎ᠠ