ᠮᠡᠳᠡᢉᠡ

ᢈᠦᠮᠦᠨ᠂ ᠬᠠᠤᠯᠢ ᠶ᠋ᠢᠨ ᠡᠲᠡᢉᠡᠳ ᠲᠦ ᠶᠡᢈᠡ ᢈᠡᠮᠵᠢᠶᠡᠨ ᠦ᠋ ᠬᠣᢈᠢᠷᠠᠯ ᠤᠴᠠᠷᠠᠭᠤᠯᠤᠭᠰᠠᠨ ᢈᠡᠷᠡᢉ ᠦ᠋ᠳ ᠢ᠋ ᠰᠢᢉᠦᢈᠦ ᠳ᠋ᠦ ᠰᠢᠯᠵᠢᢉᠦᠯᠪᠡ

ᢈᠦᠮᠦᠨ᠂ ᠬᠠᠤᠯᠢ ᠶ᠋ᠢᠨ ᠡᠲᠡᢉᠡᠳ ᠲᠦ ᠶᠡᢈᠡ ᢈᠡᠮᠵᠢᠶᠡᠨ ᠦ᠋ ᠬᠣᢈᠢᠷᠠᠯ ᠤᠴᠠᠷᠠᠭᠤᠯᠤᠭᠰᠠᠨ ᢈᠡᠷᠡᢉ ᠦ᠋ᠳ ᠢ᠋ ᠰᠢᢉᠦᢈᠦ ᠳ᠋ᠦ ᠰᠢᠯᠵᠢᢉᠦᠯᠪᠡ

ᠫᠷᠤᠻᠦᠷᠤᠷ ᠤ᠋ᠨ ᠪᠠᠶᠢᠭᠤᠯᠤᠯᠭ᠎ᠠ ᠒᠐᠒᠖ ᠣᠨ ᠤ᠋ ᠑᠑ ᠳ᠋ᠦ᠋ᢉᠡᠷ ᠰᠠᠷ᠎ᠠ ᠶ᠋ᠢᠨ ᠐᠒- ᠤ᠋ ᠡᠳᠦᠷ ᠡᠴᠡ ᠐᠖- ᠤ᠋ ᠡᠳᠦᠷ ᠢ᠋ ᢈᠦᠷᠲᠡᠯᢈᠢ ᠬᠤᠭᠤᠴᠠᠭᠠᠨ ᠳ᠋ᠤ ᢈᠡᠷᠡᢉ ᠪᠦᠷᠢᠳᢈᠡᠯᠲᠡ᠂ ᠮᠥᠷᠳᠡᠨ ᠪᠠᠶᠢᠴᠠᠭᠠᠯᠲᠠ ᠶ᠋ᠢᠨ ᠔᠓᠂᠗᠓᠒ ᠡᠷᠦᢉᠦ ᠶ᠋ᠢᠨ ᢈᠡᠷᠡᢉ ᠲᠦ ᢈᠢᠨᠠᠯᠲᠠ ᠲᠠᠯᠪᠢᠭᠰᠠᠨ᠃

ᠳᠡᢉᠡᠷᠡᢈᠢ ᠬᠤᠭᠤᠴᠠᠭᠠᠨ ᠳ᠋ᠤ ᠑᠂᠓᠕᠙ ᢉᠡᠮᠲᠦ ᢈᠡᠷᠡᢉ ᠦ᠋ᠨ ᠰᠢᠨᠵᠢ ᠲᠡᠢ ᠭᠣᠮᠤᠳᠠᠯ᠂ ᠮᠡᠳᠡᢉᠡᠯᠡᠯ ᠪᠦᠷᠢᠳᢈᠡᢉᠳᠡᢉᠰᠡᠨ ᠪᠣᠯ ᢈᠡᠷᠡᢉ ᠪᠦᠷᠢᠳᢈᠡᠯᠲᠡ ᠶ᠋ᠢᠨ ᠘᠔᠘ ᢈᠡᠷᠡᢉ ᠰᠢᠨ᠎ᠡ ᠪᠡᠷ ᠨᠡᢉᠡᠵᠦ᠂ ᠔᠒᠒ ᢈᠡᠷᠡᢉ ᠲᠦ ᠫᠷᠤᠻᠦᠷᠤᠷ ᠶᠠᠯᠯᠠᠬᠤ ᠳᠦᢉᠨᠡᠯᠲᠡ ᠦᠢᠯᠡᠳᠦᢉᠰᠡᠨ ᠪᠠᠶᠢᠨ᠎ᠠ᠃

ᠶᠠᠯᠯᠠᠬᠤ ᠳᠦᢉᠨᠡᠯᠲᠡ ᠦᠢᠯᠡᠳᠦᢉᠰᠡᠨ ᢈᠡᠷᠡᢉ ᠢ᠋ ᠲᠣᠳᠣᠷᠠᠭᠤᠯᠪᠠᠯ᠂ ᢈᠦᠮᠦᠨ ᠦ᠋ ᠡᠷᠡᢉᠦᠯ ᠮᠡᠨᠳᠦ ᠶ᠋ᠢᠨ ᠬᠠᠯᠳᠠᠰᠢ ᠦᢉᠡᠢ ᠪᠠᠶᠢᠳᠠᠯ ᠤ᠋ᠨ ᠡᠰᠡᠷᢉᠦ ᠑᠖᠗᠂ ᠥᠮᠴᠢᠯᠡᢈᠦ ᠡᠷᢈᠡ ᠶ᠋ᠢᠨ ᠡᠰᠡᠷᢉᠦ ᠙᠗᠂ᢈᠥᠳᠡᠯᢉᠡᢉᠡᠨ ᠦ᠋ ᠠᠶᠤᠯ ᠦᢉᠡᠢ ᠪᠠᠶᠢᠳᠠᠯ᠂ ᠲᠡᢉᠡᠪᠦᠷᠢ ᠶ᠋ᠢᠨ ᢈᠡᠷᠡᢉᠰᠡᠯ ᠦ᠋ᠨ ᠠᠰᠢᠭᠯᠠᠯᠲᠠ ᠶ᠋ᠢᠨ ᠵᠢᠷᠤᠮ ᠤ᠋ᠨ ᠡᠰᠡᠷᢉᠦ ᠙᠖᠂ ᠠᠪᠢᠯᠭ᠎ᠠ ᠶ᠋ᠢᠨ ᠡᠰᠡᠷᢉᠦ ᠑᠗᠂ ᢈᠦᠮᠦᠨ ᠦ᠋ ᠪᠡᠯᢉᠡ ᠶ᠋ᠢᠨ ᠡᠷᢈᠡ ᠴᠢᠯᠦᢉᠡ᠂ ᠬᠠᠯᠳᠠᠰᠢ ᠦᢉᠡᠢ ᠪᠠᠶᠢᠳᠠᠯ ᠤ᠋ᠨ ᠡᠰᠡᠷᢉᠦ ᠑᠕᠂ ᢈᠦᠷᠢᠶᠡᠯᠡᠨ ᠪᠠᠶᠢᠭ᠎ᠠ ᠣᠷᠴᠢᠨ ᠤ᠋ ᠡᠰᠡᠷᢉᠦ ᠙᠂ ᢈᠦᠮᠦᠨ ᠦ᠋ ᠠᠮᠢᠳᠤ ᠶᠠᠪᠤᠬᠤ ᠡᠷᢈᠡ ᠶ᠋ᠢᠨ ᠡᠰᠡᠷᢉᠦ ᠘᠂ ᠣᠯᠠᠨ ᠨᠡᠶᠢᠲᠡ ᠶ᠋ᠢᠨ ᠠᠶᠤᠯ ᠦᢉᠡᠢ ᠪᠠᠶᠢᠳᠠᠯ᠂ ᠠᠰᠢᠭ ᠰᠣᠨᠢᠷᠬᠠᠯ ᠤ᠋ᠨ ᠡᠰᠡᠷᢉᠦ ᠕᠂ ᠨᠡᠶᠢᠲᠡ ᠶ᠋ᠢᠨ ᠠᠯᠪᠠᠨ ᠤ᠋ ᠠᠰᠢᠭ ᠰᠣᠨᠢᠷᠬᠠᠯ ᠤ᠋ᠨ ᠡᠰᠡᠷᢉᠦ ᠪᠣᠯᠣᠨ ᢈᠦᠮᠦᠨ ᠦ᠋ ᠬᠠᠯᠳᠠᠰᠢ ᠦᢉᠡᠢ᠂ ᠴᠢᠯᠦᢉᠡ ᠲᠡᠢ ᠪᠠᠶᠢᠬᠤ ᠡᠷᢈᠡ ᠶ᠋ᠢᠨ ᠡᠰᠡᠷᢉᠦ ᢉᠡᠮᠲᠦ ᢈᠡᠷᠡᢉ ᠲᠤᠰ ᠪᠦᠷᠢ ᠓᠂ ᠡᠳ ᠦ᠋ᠨ ᠵᠠᠰᠠᠭ ᠤ᠋ᠨ ᠪᠣᠯᠣᠨ ᠰᠣᠶᠣᠯ ᠤ᠋ᠨ ᠥᠪ ᠦ᠋ᠨ ᠡᠰᠡᠷᢉᠦ ᢉᠡᠮᠲᠦ ᢈᠡᠷᠡᢉ ᠲᠤᠰ ᠪᠦᠷᠢ ᠑ ᠶᠠᠯᠯᠠᠬᠤ ᠳᠦᢉᠨᠡᠯᠲᠡ ᠦᠢᠯᠡᠳᠦᢉᠰᠡᠨ ᠪᠠᠶᠢᠨ᠎ᠠ᠃

ᠨᠡᠶᠢᠰᠯᠡᠯ ᠦ᠋ᠨ ᠫᠷᠤᠻᠦᠷᠤᠷ ᠤ᠋ᠨ ᠭᠠᠵᠠᠷ ᠠ᠋ᠴᠠ ᠶᠠᠯᠯᠠᠬᠤ ᠳᠦᢉᠨᠡᠯᠲᠡ ᠦᠢᠯᠡᠳᠦᢉᠰᠡᠨ ᢈᠡᠷᠡᢉ ᠡᠴᠡ ᠰᠢᢉᠦᢈᠦ ᠳ᠋ᠦ ᠰᠢᠯᠵᠢᢉᠦᠯᠦᢉᠰᠡᠨ ᠵᠠᠷᠢᠮ ᢈᠡᠷᠡᢉ ᠦ᠋ᠨ ᠲᠠᠯ᠎ᠠ ᠪᠠᠷ ᠲᠣᠢᠮᠤᠯᠠᠨ ᢈᠦᠷᢉᠡᠵᠦ ᠪᠠᠶᠢᠨ᠎ᠠ᠃

ᠠᠪᠢᠯᠭ᠎ᠠ ᠶ᠋ᠢᠨ ᢈᠡᠷᠡᢉ ᠦ᠋ᠨ ᠲᠠᠯ᠎ᠠ ᠪᠠᠷ:

- ᠲ.ᠣ ᠨᠢ ... ᠳᠡᢉᠦᠷᢉᠡ ᠶ᠋ᠢᠨ ᠤᠯᠤᠰ ᠤ᠋ᠨ ᠪᠦᠷᠢᠳᢈᠡᢉᠴᠢ ᠪᠡᠷ ᠠᠵᠢᠯᠯᠠᠵᠤ ᠪᠠᠶᠢᠬᠤ ᠳᠠᠭᠠᠨ ᠢᠷᢉᠡᠨ ᠮ.ᠡ᠂ ᠼ.ᠡ ᠨᠠᠷ ᠲᠠᠢ ᠪᠦᠯᠦᢉᠯᠡᠨ ᠒᠐᠒᠒ ᠣᠨ ᠤ᠋ ᠔ ᠳ᠋ᠦ᠋ᢉᠡᠷ ᠰᠠᠷ᠎ᠠ ᠶ᠋ᠢᠨ ᠑᠙- ᠦ᠋ ᠡᠳᠦᠷ ᠴᠠᢈᠢᠮ ᠮᠡᠳᠡᢉᠡᠯᠡᠯ ᠦ᠋ᠨ ᠰᠠᠩ ᠠ᠋ᠴᠠ ᠨᠡᠷ᠎ᠡ ᠪᠦᢈᠦᠢ ᠢᠷᢉᠡᠨ ᠦ᠋ ᠵᠥᠪᠰᠢᠶᠡᠷᠡᠯ ᠦᢉᠡᠢ ᠪᠡᠷ ᠢᠷᢉᠡᠨ ᠦ᠋ ᠦᠨᠡᠮᠯᠡᢈᠦ ᠶ᠋ᠢᠨ ᠯᠠᠤᠯᠠᠭ᠎ᠠ ᠶ᠋ᠢ ᠬᠠᠤᠯᠢ ᠪᠤᠰᠤ ᠪᠠᠷ ᠭᠠᠷᠭᠠᠨ ᠠᠪᠴᠤ᠂ ᠲᠡᢉᠦᠨ ᠦ᠋ ᠥᠮᠴᠢᠯᠡᠯ ᠦ᠋ᠨ ᠦᠯᠦ ᢈᠥᠳᠡᠯᢈᠦ ᠡᠳ ᢈᠥᠷᠥᠩᢉᠡ ᠶ᠋ᠢᠨ ᠥᠮᠴᠢᠯᠡᢈᠦ ᠡᠷᢈᠡ ᠶ᠋ᠢ ᠨᠣᠲᠠᠷᠢᠶᠠᠲᠴᠢ ᠪᠠᠷ ᢉᠡᠷᠡᠴᠢᠯᠡᢉᠦᠯᠦᠨ ᠼ.ᠡ- ᠳ᠋ᠦ ᠰᠢᠯᠵᠢᢉᠦᠯᠦᠨ ᠳᠠᠪᠠᠭᠤ ᠪᠠᠶᠢᠳᠠᠯ ᠪᠤᠢ ᠪᠣᠯᠭᠠᠵᠤ᠂ ᠪᠤᠰᠤᠳ ᠲᠤ ᠶᠡᢈᠡ ᢈᠡᠮᠵᠢᠶᠡᠨ ᠦ᠋ ᠬᠣᢈᠢᠷᠠᠯ ᠤᠴᠠᠷᠠᠭᠤᠯᠤᠭᠰᠠᠨ ᢈᠡᠷᠡᢉ ᠲᠦ ᠡᠷᠦᢉᠦ ᠶ᠋ᠢᠨ ᠬᠠᠤᠯᠢ ᠶ᠋ᠢᠨ ᠒᠒.᠑ ᠳ᠋ᠦ᠋ᢉᠡᠷ ᠵᠦᠢᠯ ᠦ᠋ᠨ ᠑ ᠳᠡᢈᠢ ᢈᠡᠰᠡᢉ (ᠡᠷᢈᠡ ᠮᠡᠳᠡᠯ᠂ ᠠᠯᠪᠠᠨ ᠲᠤᠰᠢᠶᠠᠯ ᠤ᠋ᠨ ᠪᠠᠶᠢᠳᠠᠯ ᠢ᠋ᠶᠠᠨ ᠤᠷᠪᠠᠭᠤᠯᠤᠨ ᠠᠰᠢᠭᠯᠠᠬᠤ)᠂ ᠡᠷᠦᢉᠦ ᠶ᠋ᠢᠨ ᠬᠠᠤᠯᠢ ᠶ᠋ᠢᠨ ᠒᠓.᠒ ᠳ᠋ᠤᠭᠠᠷ ᠵᠦᠢᠯ ᠦ᠋ᠨ ᠑ ᠳᠡᢈᠢ ᢈᠡᠰᠡᢉ (ᠬᠤᠭᠤᠷᠮᠠᠭ ᠪᠠᠷᠢᠮᠲᠠ ᠪᠢᠴᠢᢉ ᠦᠢᠯᠡᠳᠦᢈᠦ᠂ ᠠᠰᠢᠭᠯᠠᠬᠤ)᠂ ᠨᠣᠲᠠᠷᠢᠶᠠᠲᠴᠢ ᠳ.ᢉ- ᠳ᠋ᠦ ᠡᠷᠦᢉᠦ ᠶ᠋ᠢᠨ ᠬᠠᠤᠯᠢ ᠶ᠋ᠢᠨ ᠑᠗.᠑᠐ ᠳ᠋ᠤᠭᠠᠷ ᠵᠦᠢᠯ ᠦ᠋ᠨ ᠑ ᠳᠡᢈᠢ ᢈᠡᠰᠡᢉ (ᠨᠣᠲᠠᠷᠢᠶᠠᠲᠴᠢ᠂ ᠤᠯᠤᠰ ᠤ᠋ᠨ ᠪᠦᠷᠢᠳᢈᠡᢉᠴᠢ ᠥᠮᠴᠢᠯᠡᢉᠴᠢ ᠶ᠋ᠢᠨ ᠡᠷᢈᠡ ᠶ᠋ᠢ ᠵᠥᠷᠢᠴᠡᢈᠦ)- ᠳ᠋ᠦ ᠵᠠᠭᠠᠭᠰᠠᠨ ᠢ᠋ᠶᠠᠷ ᠲᠤᠰ ᠲᠤᠰ ᠶᠠᠯᠯᠠᠬᠤ ᠳᠦᢉᠨᠡᠯᠲᠡ ᠦᠢᠯᠡᠳᠦᠵᠦ ᠪᠠᠶᠠᠨᠭᠣᠯ᠂ ᠬᠠᠨ-ᠠᠭᠤᠯᠠ᠂ ᠰᠣᠩᢉᠢᠨᠠᠬᠠᠶᠢᠷᠬᠠᠨ ᠳᠡᢉᠦᠷᢉᠡ ᠶ᠋ᠢᠨ ᠡᠷᠦᢉᠦ ᠶ᠋ᠢᠨ ᢈᠡᠷᠡᢉ ᠦ᠋ᠨ ᠠᠩᠬᠠᠨ ᠰᠢᠲᠠᠨ ᠤ᠋ ᠲᠣᠭᠣᠷᠢᠭ ᠤ᠋ᠨ ᠰᠢᢉᠦᢈᠦ ᠳ᠋ᠦ;

- ᠭᠠᠳᠠᠭᠠᠳᠤ ᠤᠯᠤᠰ ᠤ᠋ᠨ ᠢᠷᢉᠡᠨ ᠶᠤ.ᠵ᠂ ᠢᠷᢉᠡᠨ ᢉ.ᠪ ᠨᠠᠷ ᠪᠦᠯᠦᢉᠯᠡᠨ᠂ "ᠪᠠᠶᠠᠨᠭᠣᠯ ᠳᠡᢉᠦᠷᢉᠡ ᠶ᠋ᠢᠨ ᠨᠤᠲᠤᠭ ᠳᠡᠪᠢᠰᢈᠡᠷ ᠲᠦ ᠳᠠᢈᠢᠨ ᠲᠥᠯᠦᠪᠯᠡᠯᠲᠡ ᠶ᠋ᠢᠨ ᢈᠦᠷᠢᠶᠡᠨ ᠳ᠋ᠦ ᠑᠑᠒᠐ ᠠᠶᠢᠯ ᠤ᠋ᠨ ᠣᠷᠤᠨ ᠰᠠᠭᠤᠴᠠᠨ ᠤ᠋ ᠲᠥᠰᠥᠯ ᢈᠡᠷᠡᢉᠵᠢᢉᠦᠯᢈᠦ᠂ ᠱᠠᠭᠠᠷᠳᠤᠯᠭ᠎ᠠ ᠲᠠᠢ ᠰᠠᠩᢈᠦᠵᠢᠯᠲᠡ ᠪᠣᠯᠬᠤ ᠑᠐᠐ ᠰᠠᠶ᠎ᠠ ᠠᠮ ᠳᠣᠯᠯᠠᠷ ᠢ᠋ ᠭᠠᠳᠠᠭᠠᠳᠤ ᠤᠯᠤᠰ ᠠ᠋ᠴᠠ ᠣᠷᠤᠭᠤᠯᠵᠤ ᠢᠷᠡᠨ᠎ᠡ᠂ ᠪᠠᠩᠻ ᠤ᠋ᠨ ᠑ ᠬᠤᠪᠢ ᠶ᠋ᠢᠨ ᠰᠢᠮᠲᠡᢉᠡᠯ ᠢ᠋ ᠭᠠᠷᠭᠠᠵᠤ ᠬᠠᠮᠲᠤᠷᠠᠨ ᠠᠵᠢᠯᠯᠠᠨ᠎ᠠ” ᢉᠡᠵᠦ “ᠲ” ᠬᠬᠻ- ᠶ᠋ᠢᠨ ᢉᠦᠢᠴᠡᠳᢈᠡᢈᠦ ᠵᠠᢈᠢᠷᠠᠯ ᠢ᠋ ᠬᠤᠭᠤᠷᠴᠤ᠂ ᠪᠠᠷᠢᠯᠭ᠎ᠠ ᠪᠠᠷᠢᠬᠤ᠂ ᢈᠥᠷᠥᠩᢉᠡ ᠣᠷᠤᠭᠤᠯᠤᠯᠲᠠ ᢈᠢᢈᠦ ᠪᠣᠯᠤᠮᠵᠢ ᠦᢉᠡᠢ ᠢᠯᠡᠲᠡ ᠳ᠋ᠦ ᠵᠣᢈᠢᠶᠠᠮᠠᠯ ᠪᠠᠶᠢᠳᠠᠯ ᠢ᠋ ᠵᠣᠷᠢᠭᠤᠳ ᠢ᠋ᠶᠠᠷ ᠪᠤᠢ ᠪᠣᠯᠭᠠᠵᠤ ᢈᠥᠷᠥᠩᢉᠡ ᠣᠷᠤᠭᠤᠯᠤᠯᠲᠠ ᠪᠣᠯᠣᠨ ᠵᠡᢉᠡᠯ ᠦ᠋ᠨ ᢉᠡᠷ᠎ᠡ ᠪᠠᠶᠢᠭᠤᠯᠵᠤ᠂ ᠒᠐᠒᠑- ᠡᠴᠡ ᠒᠐᠒᠒ ᠣᠨ ᠤ᠋ ᠔ ᠰᠠᠷ᠎ᠠ ᢈᠦᠷᠲᠡᠯᢈᠢ ᠬᠤᠭᠤᠴᠠᠭᠠᠨ ᠳ᠋ᠤ ᠨᠡᠶᠢᠲᠡ ᠘᠖᠕.᠔ ᠰᠠᠶ᠎ᠠ ᠲᠥᢉᠦᠷᠢᢉ ᠰᠢᠯᠵᠢᢉᠦᠯᠦᠨ ᠠᠪᠴᠤ “ᠲ” ᠬᠬᠻ- ᠳ᠋ᠤ ᠶᠡᢈᠡ ᢈᠡᠮᠵᠢᠶᠡᠨ ᠦ᠋ ᠬᠣᢈᠢᠷᠠᠯ ᠤᠴᠠᠷᠠᠭᠤᠯᠤᠭᠰᠠᠨ ᢈᠡᠷᠡᢉ ᠲᠦ ᠡᠷᠦᢉᠦ ᠶ᠋ᠢᠨ ᠬᠠᠤᠯᠢ ᠶ᠋ᠢᠨ ᠑᠗.᠓ ᠳ᠋ᠤᠭᠠᠷ ᠵᠦᠢᠯ ᠦ᠋ᠨ ᠒ ᠳ᠋ᠠᢈᠢ ᢈᠡᠰᠡᢉ ᠦ᠋ᠨ ᠒.᠒ ᠳ᠋ᠠᢈᠢ ᠵᠠᠭᠠᠯᠲᠠ (ᠵᠠᠯᠢᠯᠠᠬᠤ)- ᠳ᠋ᠤ ᠵᠠᠭᠠᠭᠰᠠᠨ ᠢ᠋ᠶᠠᠷ ᠶᠠᠯᠯᠠᠬᠤ ᠳᠦᢉᠨᠡᠯᠲᠡ ᠦᠢᠯᠡᠳᠦᠵᠦ ᠪᠠᠶᠠᠨᠵᠢᠷᠦᢈᠡ᠂ ᠰᠦᢈᠡᠪᠠᠭᠠᠲᠤᠷ᠂ ᠴᠢᠩᢉᠡᠯᠲᠡᠢ ᠳᠡᢉᠦᠷᢉᠡ ᠶ᠋ᠢᠨ ᠡᠷᠦᢉᠦ ᠶ᠋ᠢᠨ ᢈᠡᠷᠡᢉ ᠦ᠋ᠨ ᠠᠩᠬᠠᠨ ᠰᠢᠲᠠᠨ ᠤ᠋ ᠲᠣᠭᠣᠷᠢᠭ ᠤ᠋ᠨ ᠰᠢᢉᠦᢈᠦ ᠳ᠋ᠦ;

ᠮᠠᠨᠰᠤᠭᠤᠷᠤᠭᠤᠯᠬᠤ ᠡᠮ᠂ ᠰᠡᠳᢈᠢᠴᠡ ᠳ᠋ᠦ ᠨᠥᠯᠦᢉᠡᠲᠦ ᠪᠣᠳᠢᠰ ᠬᠠᠤᠯᠢ ᠪᠤᠰᠤ ᠪᠠᠷ ᠠᠰᠢᠭᠯᠠᠬᠤ ᢈᠡᠷᠡᢉ ᠦ᠋ᠨ ᠲᠠᠯ᠎ᠠ ᠪᠠᠷ

- ᠪ.ᠣ᠂ ᠣ.ᠪ ᠨᠠᠷ ᠨᠢ ᠪᠦᠯᠦᢉᠯᠡᠵᠦ᠂ ᠨᠦᠪ- ᠤ᠋ᠨ ᠑᠙᠖᠑ ᠣᠨ ᠤ᠋ "ᠮᠠᠨᠰᠤᠭᠤᠷᠤᠭᠤᠯᠬᠤ ᠡᠮ ᠦ᠋ᠨ ᠲᠤᠬᠠᠢ" ᠻᠣᠨᠸᠧᠨᠼ ᠤ᠋ᠨ I ᠵᠢᢉᠰᠠᠭᠠᠯᠲᠠ ᠳ᠋ᠤ ᠪᠠᠭᠲᠠᠳᠠᠭ "ᠻᠣᠻᠠᠢᠨ" ᢉᠡᢈᠦ ᢈᠡᠷᠡᢉᠯᠡᢉᠡᠨ ᠦ᠋ ᠨᠡᠷᠡᠰᠢᠯ ᠲᠡᠢ᠂ ᠰᠡᠳᢈᠢᠴᠡ ᠳ᠋ᠦ ᠨᠥᠯᠦᢉᠡᠲᠦ ᠪᠣᠳᠢᠰ ᠢ᠋ ᠱᠤᠳᠠᠨ ᠢᠯᠡᢉᠡᠮᠵᠢ ᠶ᠋ᠢᠨ ᠭᠠᠵᠠᠷ ᠢ᠋ᠶᠠᠷ ᠳᠠᠮᠵᠢᠭᠤᠯᠤᠨ ᠒᠐᠒᠖ ᠣᠨ ᠤ᠋ ᠘ ᠳ᠋ᠤᠭᠠᠷ ᠰᠠᠷ᠎ᠠ ᠶ᠋ᠢᠨ ᠒᠕- ᠤ᠋ ᠡᠳᠦᠷ ᠬᠤᠳᠠᠯᠳᠤᠭᠠᠯᠠᠬᠤ ᠵᠣᠷᠢᠯᠭ᠎ᠠ ᠪᠠᠷ ᠬᠠᠤᠯᠢ ᠪᠤᠰᠤ ᠪᠠᠷ ᠣᠯᠵᠤ ᠠᠪᠤᠭᠰᠠᠨ ᢈᠡᠷᠡᢉ ᠲᠦ ᠡᠷᠦᢉᠦ ᠶ᠋ᠢᠨ ᠬᠠᠤᠯᠢ ᠶ᠋ᠢᠨ ᠒᠐.᠗ ᠳ᠋ᠤᠭᠠᠷ ᠵᠦᠢᠯ ᠦ᠋ᠨ ᠑᠂ ᠒ ᠳ᠋ᠠᢈᠢ ᢈᠡᠰᠡᢉ (ᠮᠠᠨᠰᠤᠭᠤᠷᠤᠭᠤᠯᠬᠤ ᠡᠮ᠂ ᠰᠡᠳᢈᠢᠴᠡ ᠳ᠋ᠦ ᠨᠥᠯᠦᢉᠡᠲᠦ ᠪᠣᠳᠢᠰ ᠢ᠋ ᠬᠠᠤᠯᠢ ᠪᠤᠰᠤ ᠪᠠᠷ ᠠᠰᠢᠭᠯᠠᠬᠤ)- ᠳ᠋ᠤ ᠵᠠᠭᠠᠭᠰᠠᠨ ᠢ᠋ᠶᠠᠷ ᠶᠠᠯᠯᠠᠬᠤ ᠳᠦᢉᠨᠡᠯᠲᠡ ᠦᠢᠯᠡᠳᠦᠵᠦ ᠪᠠᠶᠠᠨᠵᠢᠷᠦᢈᠡ᠂ ᠰᠦᢈᠡᠪᠠᠭᠠᠲᠤᠷ᠂ ᠴᠢᠩᢉᠡᠯᠲᠡᠢ ᠳᠡᢉᠦᠷᢉᠡ ᠶ᠋ᠢᠨ ᠡᠷᠦᢉᠦ ᠶ᠋ᠢᠨ ᢈᠡᠷᠡᢉ ᠦ᠋ᠨ ᠠᠩᠬᠠᠨ ᠰᠢᠲᠠᠨ ᠤ᠋ ᠲᠣᠭᠣᠷᠢᠭ ᠤ᠋ᠨ ᠰᠢᢉᠦᢈᠦ ᠳ᠋ᠦ;

- ᠪ.ᠤ᠂ ᠪ.ᠪ ᠨᠠᠷ ᠨᠢ ᠒᠐᠒᠖ ᠣᠨ ᠤ᠋ ᠖ ᠳ᠋ᠤᠭᠠᠷ ᠰᠠᠷ᠎ᠠ ᠶ᠋ᠢᠨ ᠐᠘- ᠤ᠋ ᠡᠳᠦᠷ ... ᠠᠶᠢᠮᠠᠭ ᠤ᠋ᠨ ᠨᠤᠲᠤᠭ ᠳᠡᠪᠢᠰᢈᠡᠷ ᠡᠴᠡ ᠳᠧᠯᠲᠠ-᠙ ᠲᠧᠲᠷᠠᢉᠢᠳᠷᠣᠻᠠᠨᠨᠠᠪᠢᠨᠣᠯ ᠤ᠋ᠨ ᠠᠭᠤᠯᠠᠮᠵᠢ ᠲᠠᠢ “ᠡᠪᠡᠰᠦ” ᢉᠡᢈᠦ ᠨᠡᠷᠡᠰᠢᠯ ᠲᠡᠢ ᠬᠣᠷᠢᠭᠯᠠᠭᠰᠠᠨ ᠰᠡᠳᢈᠢᠴᠡ ᠳ᠋ᠦ ᠨᠥᠯᠦᢉᠡᠯᠡᢈᠦ ᠪᠣᠳᠢᠰ ᠢ᠋ ᠬᠤᠳᠠᠯᠳᠤᠭᠠᠯᠠᠬᠤ ᠵᠣᠷᠢᠯᠭ᠎ᠠ ᠦᢉᠡᠢ ᠪᠡᠷ ᠬᠠᠤᠯᠢ ᠪᠤᠰᠤ ᠪᠠᠷ ᠲᠡᢉᠦᠵᠦ ᠪᠡᠯᠡᠳᢈᠡᢉᠰᠡᠨ ᢈᠡᠷᠡᢉ ᠲᠦ ᠡᠷᠦᢉᠦ ᠶ᠋ᠢᠨ ᠬᠠᠤᠯᠢ ᠶ᠋ᠢᠨ ᠒᠐.᠗ ᠳ᠋ᠤᠭᠠᠷ ᠵᠦᠢᠯ ᠦ᠋ᠨ ᠑ ᠳᠡᢈᠢ ᢈᠡᠰᠡᢉ (ᠮᠠᠨᠰᠤᠭᠤᠷᠤᠭᠤᠯᠬᠤ ᠡᠮ᠂ ᠰᠡᠳᢈᠢᠴᠡ ᠳ᠋ᠦ ᠨᠥᠯᠦᢉᠡᠲᠦ ᠪᠣᠳᠢᠰ ᠢ᠋ ᠬᠠᠤᠯᠢ ᠪᠤᠰᠤ ᠪᠠᠷ ᠠᠰᠢᠭᠯᠠᠬᠤ)- ᠳ᠋ᠤ ᠵᠠᠭᠠᠭᠰᠠᠨ ᠢ᠋ᠶᠠᠷ ᠶᠠᠯᠯᠠᠬᠤ ᠳᠦᢉᠨᠡᠯᠲᠡ ᠦᠢᠯᠡᠳᠦᠵᠦ ᠪᠠᠶᠠᠨᠭᠣᠯ᠂ ᠬᠠᠨ-ᠠᠭᠤᠯᠠ᠂ ᠰᠣᠩᢉᠢᠨᠠᠬᠠᠶᠢᠷᠬᠠᠨ ᠳᠡᢉᠦᠷᢉᠡ ᠶ᠋ᠢᠨ ᠡᠷᠦᢉᠦ ᠶ᠋ᠢᠨ ᢈᠡᠷᠡᢉ ᠦ᠋ᠨ ᠠᠩᠬᠠᠨ ᠰᠢᠲᠠᠨ ᠤ᠋ ᠲᠣᠭᠣᠷᠢᠭ ᠤ᠋ᠨ ᠰᠢᢉᠦᢈᠦ ᠳ᠋ᠦ ᠲᠤᠰ ᠲᠤᠰ ᠰᠢᠯᠵᠢᢉᠦᠯᠪᠡ᠃

ᠮᠡᠳᠡᢉᠡ ᠶ᠋ᠢ ᠬᠤᠪᠢᠶᠠᠯᠴᠠᠬᠤ:
ᠬᠣᠯᠪᠣᠭᠣᠰᠤ ᠬᠠᠭᠤᠯᠤᠭᠳᠠᠯᠠᠭ᠎ᠠ