ᠮᠡᠳᠡᢉᠡ

ᠡᠷᠦᢉᠦ ᠶ᠋ᠢᠨ ᢈᠡᠷᠡᢉ ᠦ᠋ᠨ ᠲᠤᠰᠭᠠᠢ ᠠᠷᢈᠢᠸ ᠲᠥᠷᠦ ᠶ᠋ᠢᠨ ᠠᠷᢈᠢᠸ ᠤ᠋ᠨ ᠦᠢᠯᠡ ᠠᠵᠢᠯᠯᠠᠭᠠᠨ ᠤ᠋ ᠤᠯᠤᠰ ᠤ᠋ᠨ ᠦᠵᠡᠯᢉᠡ ᠳ᠋ᠦ ᠠᠮᠵᠢᠯᠲᠠ ᠲᠠᠢ ᠳᠦᢉᠨᠡᢉᠳᠡᠯᠡᢉᠡ

ᠡᠷᠦᢉᠦ ᠶ᠋ᠢᠨ ᢈᠡᠷᠡᢉ ᠦ᠋ᠨ ᠲᠤᠰᠭᠠᠢ ᠠᠷᢈᠢᠸ ᠲᠥᠷᠦ ᠶ᠋ᠢᠨ ᠠᠷᢈᠢᠸ ᠤ᠋ᠨ ᠦᠢᠯᠡ ᠠᠵᠢᠯᠯᠠᠭᠠᠨ ᠤ᠋ ᠤᠯᠤᠰ ᠤ᠋ᠨ ᠦᠵᠡᠯᢉᠡ ᠳ᠋ᠦ ᠠᠮᠵᠢᠯᠲᠠ ᠲᠠᠢ ᠳᠦᢉᠨᠡᢉᠳᠡᠯᠡᢉᠡ

ᠵᠠᠰᠠᠭ ᠤ᠋ᠨ ᠭᠠᠵᠠᠷ ᠤ᠋ᠨ “ᠤᠯᠤᠰ ᠤ᠋ᠨ ᠦᠵᠡᠯᢉᠡ ᠵᠣᢈᠢᠶᠠᠨ ᠪᠠᠶᠢᠭᠤᠯᠬᠤ ᠲᠤᠬᠠᠢ” ᠒᠐᠒᠖ ᠣᠨ ᠤ᠋ ᠒᠘᠐ ᠳᠤᠭᠠᠷ ᠲᠣᠭᠲᠠᠭᠠᠯ ᠤ᠋ᠨ ᠳᠠᠭᠤᠤ ᠡᠷᠦᢉᠦ ᠶ᠋ᠢᠨ ᢈᠡᠷᠡᢉ ᠦ᠋ᠨ ᠲᠤᠰᠭᠠᠢ ᠠᠷᢈᠢᠸ ᠲᠤ ᠒᠐᠒᠖ ᠣᠨ ᠤ᠋ ᠑᠑ ᠳ᠋ᠦ᠋ᢉᠡᠷ ᠰᠠᠷ᠎ᠠ ᠶ᠋ᠢᠨ ᠐᠒- ᠠ᠋ᠴᠠ ᠐᠓- ᠤ᠋ ᠡᠳᠦᠷ ᠦ᠋ᠳ ᠲᠦ ᠠᠷᢈᠢᠸ ᠤ᠋ᠨ ᠦᠢᠯᠡ ᠠᠵᠢᠯᠯᠠᠭᠠᠨ ᠤ᠋ ᠤᠯᠤᠰ ᠤ᠋ᠨ ᠦᠵᠡᠯᢉᠡ ᠵᠣᢈᠢᠶᠠᠨ ᠪᠠᠶᠢᠭᠤᠯᠤᠭᠳᠠᠯᠠᠭ᠎ᠠ᠃

ᠤᠯᠤᠰ ᠤ᠋ᠨ ᠦᠵᠡᠯᢉᠡ ᠶ᠋ᠢ ᠠᠷᢈᠢᠸ ᠤ᠋ᠨ ᠶᠡᠷᠦᠩᢈᠡᠢ ᠭᠠᠵᠠᠷ᠂ ᠦᠨᠳᠦᠰᠦᠨ ᠦ᠋ ᠲᠥᠪ ᠠᠷᢈᠢᠸ ᠤ᠋ᠨ ᠴᠠᢈᠢᠮ ᠠᠷᢈᠢᠸ ᠤ᠋ᠨ ᠪᠠᠷᠢᠮᠲᠠ ᠶ᠋ᠢᠨ ᠲᠥᠪ᠂ ᠭᠠᠵᠠᠷ᠂ ᠵᠣᢈᠢᠶᠠᠨ ᠪᠠᠶᠢᠭᠤᠯᠤᠯᠲᠠ᠂ ᢉᠧᠣᠳᠧᠽᠢ᠂ ᠵᠢᠷᠤᠭ ᠵᠦᠢ ᠶ᠋ᠢᠨ ᠶᠡᠷᠦᠩᢈᠡᠢ ᠭᠠᠵᠠᠷ ᠤ᠋ᠨ ᠲᠥᠷᠦᠯᠵᠢᢉᠰᠡᠨ ᠠᠷᢈᠢᠸ ᠤ᠋ᠨ ᠭᠠᠵᠠᠷ ᠤ᠋ᠨ ᠲᠥᠯᠥᢉᠡᠯᠡᠯ ᠡᠴᠡ ᠪᠦᠷᠢᠯᠳᠦᢉᠰᠡᠨ ᠠᠵᠢᠯ ᠤ᠋ᠨ ᢈᠡᠰᠡᢉ ᠬᠠᠤᠯᠢ ᠵᠦᠢ᠂ ᠳᠣᠲᠣᠭᠠᠳᠤ ᢈᠡᠷᠡᢉ ᠦ᠋ᠨ ᠶᠠᠮᠤᠨ ᠤ᠋ ᠲᠥᠷᠦ ᠶ᠋ᠢᠨ ᠨᠠᠷᠢᠨ ᠪᠢᠴᠢᢉ ᠦ᠋ᠨ ᠳᠠᠷᠤᠭ᠎ᠠ ᠶ᠋ᠢᠨ ᠒᠐᠒᠖ ᠣᠨ ᠤ᠋ “ᠲᠥᠷᠦ ᠶ᠋ᠢᠨ ᠠᠷᢈᠢᠸ ᠤ᠋ᠨ ᠦᠢᠯᠡ ᠠᠵᠢᠯᠯᠠᠭ᠎ᠠ ᠶ᠋ᠢ ᠳᠦᢉᠨᠡᢈᠦ᠂ ᠦᠨᠡᠯᠡᢈᠦ ᠦᠵᠡᢉᠦᠯᠦᠯᠲᠡ᠂ ᠠᠷᠭᠠᠴᠢᠯᠠᠯ ᠪᠠᠲᠤᠯᠠᠬᠤ ᠲᠤᠬᠠᠢ” ᠠ/᠑᠕᠐ ᠳᠤᠭᠠᠷ ᠲᠤᠰᠢᠶᠠᠯ ᠢ᠋ᠶᠠᠷ ᠪᠠᠲᠤᠯᠠᠭᠳᠠᠭᠰᠠᠨ ᠖ ᠪᠦᠯᠦᢉ ᠑᠗ ᠴᠢᢉᠯᠡᠯ᠂ ᠖᠙ ᠦᠵᠡᢉᠦᠯᠦᠯᠲᠡ᠂ ᠒᠗᠐ ᠰᠢᠯᠭᠠᠭᠤᠷ ᠤ᠋ᠨ ᢈᠦᠷᠢᠶᠡᠨ ᠳ᠋ᠦ ᢈᠢᠵᠡᠢ᠃

ᠠᠵᠢᠯ ᠤ᠋ᠨ ᢈᠡᠰᠡᢉ ᠡᠴᠡ ᠡᠷᠦᢉᠦ ᠶ᠋ᠢᠨ ᢈᠡᠷᠡᢉ ᠦ᠋ᠨ ᠲᠤᠰᠭᠠᠢ ᠠᠷᢈᠢᠸ ᠠ᠋ᠴᠠ ᠒᠐᠒᠒-᠒᠐᠒᠖ ᠣᠨ ᠳ᠋ᠤ ᢈᠢᠵᠦ ᢈᠡᠷᠡᢉᠵᠢᢉᠦᠯᠦᢉᠰᠡᠨ ᠠᠵᠢᠯ ᠠᠷᠭ᠎ᠠ ᢈᠡᠮᠵᠢᠶ᠎ᠡ᠂ ᠲᠥᠷᠦ ᠶ᠋ᠢᠨ ᠠᠷᢈᠢᠸ ᠤ᠋ᠨ ᠦᠢᠯᠡ ᠠᠵᠢᠯᠯᠠᠭᠠᠨ ᠳ᠋ᠤ ᠮᠥᠷᠳᠡᢉᠳᠡᠵᠦ ᠪᠤᠢ ᠬᠠᠤᠯᠢ ᠲᠣᠭᠲᠠᠭᠠᠮᠵᠢ᠂ ᠪᠣᠳᠣᠯᠭ᠎ᠠ᠂ ᠰᠲᠠᠨᠳᠠᠷᠲ᠂ ᠠᠷᠭ᠎ᠠ ᠵᠦᠢ ᠶ᠋ᠢᠨ ᠪᠠᠷᠢᠮᠲᠠ ᠪᠢᠴᠢᢉ ᠦ᠋ᠨ ᢈᠡᠷᠡᢉᠵᠢᠯᠲᠡ ᠶ᠋ᠢ ᠪᠠᠲᠤᠯᠠᠭᠳᠠᠭᠰᠠᠨ ᠠᠷᠭᠠᠴᠢᠯᠠᠯ ᠤ᠋ᠨ ᠳᠠᠭᠤᠤ ᠰᠢᠯᠭᠠᠵᠤ᠂ “ᠮᠠᠰᠢ ᠰᠠᠶᠢᠨ” ᠦᠨᠡᠯᢉᠡ ᠲᠡᠢ ᠳᠦᢉᠨᠡᢉᠰᠡᠨ ᠪᠠᠶᠢᠨ᠎ᠠ᠃

ᠮᠡᠳᠡᢉᠡ ᠶ᠋ᠢ ᠬᠤᠪᠢᠶᠠᠯᠴᠠᠬᠤ:
ᠬᠣᠯᠪᠣᠭᠣᠰᠤ ᠬᠠᠭᠤᠯᠤᠭᠳᠠᠯᠠᠭ᠎ᠠ