ᠠᠪᠢᠯᠭᠠ ᠶ᠋ᠢᠨ ᢈᠡᠷᠡᢉ ᠦ᠋ᠳ ᠢ᠋ ᠰᠢᢉᠦᢈᠦ ᠪᠡᠷ ᠰᠢᠢᠳᠪᠦᠷᠢᠯᠡᢉᠦᠯᠯᠡᢉᠡ
ᠡᠨᠡᢈᠦ ᠮᠡᠳᠡᢉᠡᠯᠡᠯ ᠨᠢ ᢉᠡᠮᠲᠦ ᢈᠡᠷᠡᢉ ᠡᠴᠡ ᠤᠷᠢᠳᠴᠢᠯᠠᠨ ᠰᠡᠷᢉᠡᠶᠢᠯᠡᢈᠦ᠂ ᠣᠯᠠᠨ ᠨᠡᠶᠢᠲᠡ ᠳ᠋ᠦ ᠡᠷᠦᢉᠦ ᠶ᠋ᠢᠨ ᠬᠠᠤᠯᠢ ᠳ᠋ᠤ ᠵᠠᠭᠠᠭᠰᠠᠨ ᢉᠡᠮᠲᠦ ᢈᠡᠷᠡᢉ ᠦ᠋ᠨ ᠲᠠᠯᠠᠭᠠᠷᢈᠢ ᠣᠶᠢᠯᠭᠠᠯᠲᠠ᠂ ᢈᠡᠷᠡᢉ ᠦ᠋ᠨ ᠰᠢᠢᠳᠪᠦᠷᠢᠯᠡᠯᠲᠡ ᠶ᠋ᠢ ᠣᠶᠢᠯᠭᠠᠮᠵᠢ ᠲᠠᠢ ᠪᠠᠶᠢᠳᠠᠯ ᠢ᠋ᠶᠠᠷ ᠮᠡᠳᠡᢉᠡᠯᠡᢈᠦ ᠵᠣᠷᠢᠯᠭᠠ ᠲᠠᠢ᠃
ᠫᠷᠣᠻᠦ᠋ᠷᠣᠷ ᠤ᠋ᠨ ᠪᠠᠶᠢᠭᠤᠯᠤᠯᠭᠠ ᠒᠐᠒᠖ ᠣᠨ ᠤ᠋ ᠑᠐ ᠳᠤᠭᠠᠷ ᠰᠠᠷᠠ ᠶ᠋ᠢᠨ ᠓᠐- ᠤ᠋ ᠡᠳᠦᠷ ᠦ᠋ᠨ ᠪᠠᠶᠢᠳᠠᠯ ᠢ᠋ᠶᠠᠷ ᠡᠷᠦᢉᠦ ᠶ᠋ᠢᠨ ᠬᠠᠤᠯᠢ ᠶ᠋ᠢᠨ ᠒᠒ ᠳᠤᠭᠠᠷ ᠪᠦᠯᠦᢉ ᠲᠦ ᠵᠠᠭᠠᠭᠰᠠᠨ ᠠᠪᠢᠯᠭᠠ ᠶ᠋ᠢᠨ ᢉᠡᠮᠲᠦ ᢈᠡᠷᠡᢉ ᠲᠦ ᠶᠠᠯᠯᠠᠭᠳᠠᠭᠴᠢ ᠪᠠᠷ ᠲᠠᠲᠠᠭᠳᠠᠭᠰᠠᠨ ᠕᠘᠘ ᢈᠦᠮᠦᠨ ᠳ᠋ᠦ ᠬᠣᠯᠪᠤᠭᠳᠠᠬᠤ ᠒᠕᠔ ᢈᠡᠷᠡᢉ ᠲᠦ ᠶᠠᠯᠯᠠᠬᠤ ᠳᠦᢉᠨᠡᠯᠲᠡ ᠦᠢᠯᠡᠳᠦᢉᠰᠡᠨ ᠪᠠᠶᠢᠨᠠ᠃
ᠥᠩᢉᠡᠷᠡᢉᠰᠡᠨ ᠗ ᠬᠣᠨᠣᠭ ᠲᠤ ᠪᠤᠶᠤ ᠒᠐᠒᠖ ᠣᠨ ᠤ᠋ ᠑᠐ ᠳᠤᠭᠠᠷ ᠰᠠᠷᠠ ᠶ᠋ᠢᠨ ᠒᠖- ᠠ᠋ᠴᠠ ᠓᠐- ᠤ᠋ ᠡᠳᠦᠷ ᠦ᠋ᠳ ᠲᠦ ᠨᠡᠶᠢᠰᠯᠡᠯ ᠦ᠋ᠨ ᠫᠷᠣᠻᠦ᠋ᠷᠣᠷ ᠤ᠋ᠨ ᠭᠠᠵᠠᠷ ᠠ᠋ᠴᠠ ᠶᠠᠯᠯᠠᠬᠤ ᠳᠦᢉᠨᠡᠯᠲᠡ ᠦᠢᠯᠡᠳᠦᠵᠦ ᠰᠢᢉᠦᢈᠦ ᠳ᠋ᠦ ᠰᠢᠯᠵᠢᢉᠦᠯᠦᢉᠰᠡᠨ ᢈᠡᠷᠡᢉ ᠦ᠋ᠳ ᠡᠴᠡ ᠖ ᢈᠦᠮᠦᠨ ᠳ᠋ᠦ ᠬᠣᠯᠪᠤᠭᠳᠠᠬᠤ ᠕ ᢈᠡᠷᠡᢉ ᠢ᠋ ᠠᠩᠬᠠᠨ ᠱᠠᠲᠤ ᠶ᠋ᠢᠨ ᠰᠢᢉᠦᢈᠦ ᠪᠡᠷ ᠰᠢᠢᠳᠪᠦᠷᠢᠯᠡᢉᠦᠯᠦᢉᠰᠡᠨ ᠪᠠᠶᠢᠨᠠ᠃
ᠲᠣᠳᠣᠷᠠᠭᠤᠯᠪᠠᠯ᠂ ᠰᠢᢉᠦᢈᠦ ᠡᠴᠡ ᠖ ᢈᠦᠮᠦᠨ ᠢ᠋ ᠠᠪᠢᠯᠭᠠ ᠶ᠋ᠢᠨ ᢉᠡᠮᠲᠦ ᢈᠡᠷᠡᢉ ᠦᠢᠯᠡᠳᠦᢉᠰᠡᠨ ᢉᠡᠮ ᠪᠤᠷᠤᠭᠤᠲᠠᠢ ᠳ᠋ᠤ ᠲᠤᠰ ᠲᠤᠰ ᠲᠣᠭᠠᠴᠠᠵᠤ᠂ ᠒-᠘ ᠵᠢᠯ ᠦ᠋ᠨ ᠬᠤᠭᠤᠴᠠᠭᠠ ᠪᠠᠷ ᠨᠡᠶᠢᠲᠡ ᠶ᠋ᠢᠨ ᠠᠯᠪᠠᠨ ᠳ᠋ᠤ ᠠᠵᠢᠯᠯᠠᠬᠤ ᠡᠷᢈᠡ ᠶ᠋ᠢ ᠨᠢ ᠬᠠᠰᠤᠵᠤ᠂ ᠒ ᢈᠦᠮᠦᠨ ᠳ᠋ᠦ ᠖ ᠰᠠᠷᠠ ᠠ᠋ᠴᠠ ᠒ ᠵᠢᠯ ᢈᠦᠷᠲᠡᠯᠡ ᠬᠤᠭᠤᠴᠠᠭᠠ ᠪᠠᠷ ᠬᠣᠷᠢᠬᠤ ᠶᠠᠯᠠ᠂ ᠓ ᢈᠦᠮᠦᠨ ᠳ᠋ᠦ ᠓.᠕ ᠰᠠᠶᠠ ᠠ᠋ᠴᠠ ᠓᠕ ᠰᠠᠶᠠ ᠲᠥᢉᠦᠷᠢᢉ ᠢ᠋ᠶᠡᠷ ᠲᠣᠷᠭᠠᠬᠤ ᠶᠠᠯᠠ᠂ ᠑ ᢈᠦᠮᠦᠨ ᠳ᠋ᠦ ᠒ ᠵᠢᠯ᠂ ᠖ ᠰᠠᠷᠠ ᠶ᠋ᠢᠨ ᠬᠤᠭᠤᠴᠠᠭᠠ ᠪᠠᠷ ᠵᠣᠷᠴᠢᠬᠤ ᠡᠷᢈᠡ ᠶ᠋ᠢ ᢈᠢᠵᠠᠭᠠᠷᠯᠠᠬᠤ ᠶᠠᠯᠠ ᠣᠨᠣᠭᠳᠠᠭᠤᠯᠵᠤ᠂ ᢉᠡᠮᠲᠦ ᢈᠡᠷᠡᢉ ᠦᠢᠯᠡᠳᠦᠵᠦ ᠣᠯᠤᠭᠰᠠᠨ ᠨᠡᠶᠢᠲᠡ ᠑᠖᠓.᠕ ᠰᠠᠶᠠ ᠲᠥᢉᠦᠷᠢᢉ ᠢ᠋ ᠤᠯᠤᠰ ᠤ᠋ᠨ ᠣᠷᠤᠯᠭᠠ ᠪᠣᠯᠭᠠᠬᠤ ᠪᠠᠷ ᠰᠢᠢᠳᠪᠦᠷᠢᠯᠡᢉᠦᠯᠯᠡᢉᠡ᠃
ᠵᠠᠷᠢᠮ ᢈᠡᠷᠡᢉ ᠢ᠋ ᠲᠣᠶᠢᠮᠯᠠᠨ ᢈᠦᠷᢉᠡᠪᠡᠯ:
- ᠷ.ᠵ ᠨᠢ “ᢈ....” ᠬᠬᠻ- ᠶ᠋ᠢᠨ ᠬᠤᠪᠢᠴᠠᠭᠠ ᠡᠵᠡᠮᠰᠢᢉᠴᠢ᠂ ᠵᠥᠪᠯᠡᢈᠦ ᠢᠨᠵᠧᠨᠧᠷ ᠢ᠋ᠶᠡᠷ ᠠᠵᠢᠯᠯᠠᠵᠤ ᠪᠠᠶᠢᠬᠤ ᠳ᠋ᠠᠭᠠᠨ ᠮᠦᠬᠠᠦᠲ- ᠤ᠋ᠨ ᠳᠡᠷᢉᠡᠳᠡᢈᠢ ᠣᠯᠠᠨ ᠤᠯᠤᠰ ᠤ᠋ᠨ ᠠᠷᠪᠢᠲᠷ ᠤ᠋ᠨ ᠰᠢᢉᠦᢈᠦ ᠳ᠋ᠦ ᢈᠢᠨᠠᠭᠳᠠᠵᠤ ᠪᠠᠶᠢᠭᠠ “ᠲ....” ᠬᠬᠻ- ᠶ᠋ᠢᠨ ᠨᠡᢈᠡᠮᠵᠢᠯᠡᠯ ᠲᠡᠢ “ᠳ...” ᠬᠬᠻ- ᠳ᠋ᠤ ᠬᠣᠯᠪᠤᠭᠳᠠᠬᠤ ᢈᠡᠷᠡᢉ ᠲᠦ ᠨᠡᢈᠡᠮᠵᠢᠯᠡᢉᠴᠢ ᠶ᠋ᠢᠨ ᠣᠷᠤᠯᠭᠠ ᠶ᠋ᠢ ᠲᠣᠭᠲᠠᠭᠠᠬᠤ ᠰᠢᠨᠵᠢᠯᢉᠡ ᠶ᠋ᠢ ᢈᠢᢈᠦ ᠶᠠᠪᠤᠴᠠ ᠳ᠋ᠠᠭᠠᠨ ᠬᠠᠷᠢᠭᠤᠴᠠᠭᠴᠢ ᠶ᠋ᠢᠨ ᠢᠲᠡᢉᠡᠮᠵᠢᠯᠡᢉᠳᠡᢉᠰᠡᠨ ᠲᠥᠯᠥᢉᠡᠯᠡᢉᠴᠢ ᠪ.ᠥ- ᠳ᠋ᠦ ᠦᠨᠡᠯᢉᠡᠨ ᠦ᠋ ᠳᠦᢉᠨᠡᠯᠲᠡ ᠶ᠋ᠢ ᢈᠦᠯᠢᠶᠡᠨ ᠵᠥᠪᠰᠢᠶᠡᠷᠡᠵᠦ᠂ ᠬᠠᠷᠢᠭᠤ ᠳ᠋ᠤ ᠨᠢ ᠑ ᠲᠡᠷᠪᠤᠮ ᠲᠥᢉᠦᠷᠢᢉ ᠢ᠋ ᠬᠤᠪᠢᠶᠠᠨ ᠠᠪᠴᠤ᠂ ᠬᠠᠬᠠᠤᠯᠢ ᠥᢉᢈᠦ ᠶ᠋ᠢ ᠰᠠᠨᠠᠯ ᠪᠣᠯᠭᠠᠭᠰᠠᠨ ᢈᠡᠷᠡᢉ ᠲᠦ ᠡᠷᠦᢉᠦ ᠶ᠋ᠢᠨ ᠬᠠᠤᠯᠢ ᠶ᠋ᠢᠨ ᠒᠒.᠕ ᠳᠤᠭᠠᠷ ᠵᠦᠢᠯ ᠦ᠋ᠨ ᠑ ᠳ᠋ᠡᢈᠢ ᢈᠡᠰᠡᢉ (ᠬᠠᠬᠠᠤᠯᠢ ᠥᢉᢈᠦ)- ᠳ᠋ᠦ ᠵᠠᠭᠠᠭᠰᠠᠨ ᠢ᠋ᠶᠠᠷ ᠶᠠᠯᠯᠠᠬᠤ ᠳᠦᢉᠨᠡᠯᠲᠡ ᠦᠢᠯᠡᠳᠦᠵᠦ ᢈᠡᠷᠡᢉ ᠢ᠋ ᠰᠢᢉᠦᢈᠦ ᠳ᠋ᠦ ᠰᠢᠯᠵᠢᢉᠦᠯᠦᢉᠰᠡᠨ᠃
ᠰᠢᢉᠦᢈᠦ ᠡᠴᠡ ᠷ.ᠵ- ᠢ᠋ ᠬᠠᠬᠠᠤᠯᠢ ᠥᢉᢈᠦ ᢉᠡᠮᠲᠦ ᢈᠡᠷᠡᢉ ᠦᠢᠯᠡᠳᠦᢈᠦ ᠶ᠋ᠢ ᠵᠠᠪᠳᠠᠭᠰᠠᠨ ᢉᠡᠮ ᠪᠤᠷᠤᠭᠤᠲᠠᠢ ᠳ᠋ᠤ ᠲᠣᠭᠠᠴᠠᠵᠤ᠂ ᠨᠡᠶᠢᠲᠡ ᠶ᠋ᠢᠨ ᠠᠯᠪᠠᠨ ᠳ᠋ᠤ ᠠᠵᠢᠯᠯᠠᠬᠤ ᠡᠷᢈᠡ ᠪᠣᠯᠣᠨ ᠰᠢᠨᠵᠢᢉᠡᠴᠢ ᠶ᠋ᠢᠨ ᠦᠢᠯᠡ ᠠᠵᠢᠯᠯᠠᠭᠠ ᠶᠠᠪᠤᠭᠤᠯᠬᠤ ᠡᠷᢈᠡ ᠶ᠋ᠢ ᠒ ᠵᠢᠯ ᠦ᠋ᠨ ᠬᠤᠭᠤᠴᠠᠭᠠ ᠪᠠᠷ ᠬᠠᠰᠤᠵᠤ᠂ ᠓.᠕ ᠰᠠᠶᠠ ᠲᠥᢉᠦᠷᠢᢉ ᠢ᠋ᠶᠡᠷ ᠲᠣᠷᠭᠠᠬᠤ ᠰᠢᠢᠳ᠋ᢈᠡᠯ ᠣᠨᠣᠭᠳᠠᠭᠤᠯᠤᠭᠰᠠᠨ᠃
- ᠠ.ᠪ ᠨᠢ ᠨᠡᠶᠢᠲᠡ ᠶ᠋ᠢᠨ ᠠᠯᠪᠠᠨ ᠲᠤᠰᠢᠶᠠᠯᠲᠠᠨ ᠪᠤᠶᠤ ᠮᠡᠷᢉᠡᠵᠢᠯ ᠦ᠋ᠨ ᢈᠢᠨᠠᠯᠲᠠ ᠶ᠋ᠢᠨ ᠶᠡᠷᠦᠩᢈᠡᠢ ᠭᠠᠵᠠᠷ ᠤ᠋ᠨ ᠳᠡᠳ ᠪᠦᠲᠦᠴᠡ ᠶ᠋ᠢᠨ ᢈᠢᠨᠠᠯᠲᠠ ᠶ᠋ᠢᠨ ᠭᠠᠵᠠᠷ ᠤ᠋ᠨ ᠡᠷᠴᠢᠮ ᢈᠦᠴᠦ᠂ ᢈᠡᠮᠵᠢᠯ ᠵᠦᠢ ᠶ᠋ᠢᠨ ᢈᠡᠯᠲᠡᠰ ᠦ᠋ᠨ ᠳᠠᠷᠤᠭᠠ ᠪᠠᠷ᠂ ᠪ.ᠮ ᠨᠢ ᠪᠠᠷᠢᠯᠭᠠ ᠶ᠋ᠢᠨ ᠲᠧᢈᠨᠢᠻ ᠦ᠋ᠨ ᢈᠢᠨᠠᠯᠲᠠ ᠶ᠋ᠢᠨ ᠤᠯᠤᠰ ᠤ᠋ᠨ ᠪᠠᠶᠢᠴᠠᠭᠠᠭᠴᠢ ᠪᠠᠷ ᠠᠵᠢᠯᠯᠠᠵᠤ ᠪᠠᠶᠢᠬᠤ ᠳ᠋ᠠᠭᠠᠨ ᠪᠦᠯᠦᢉᠯᠡᠨ ᠤᠰᠤ᠂ ᢈᠡᠢ ᠶ᠋ᠢᠨ ᠰᠤᠭᠤᠮ ᠬᠣᠭᠣᠯᠠᠢ᠂ ᠳᠠᠷᠤᠯᠲᠠᠲᠤ ᠰᠠᠪᠠ᠂ ᠰᠢᠲᠠᠬᠤᠨ ᠪᠣᠯᠣᠨ ᢈᠡᠢ ᠶ᠋ᠢᠨ ᠬᠠᠳᠠᠭᠠᠯᠠᠬᠤ ᠰᠠᠪᠠ ᠠᠰᠢᠭᠯᠠᠳᠠᠭ ᠠᠯᠪᠠᠨ ᠪᠠᠶᠢᠭᠤᠯᠤᠯᠭᠠ ᠶ᠋ᠢᠨ ᠲᠧᢈᠨᠢᠻ ᠠᠰᠢᠭᠯᠠᠬᠤ ᠵᠥᠪᠰᠢᠶᠡᠷᠡᠯ ᢈᠦᠰᠡᢉᠰᠡᠨ ᠠᠵᠤ ᠠᠬᠤᠢ ᠨᠢᢉᠡᠴᠡ ᠳ᠋ᠦ “ᠠ...” ᠬᠬᠻ- ᠶ᠋ᠢ ᠰᠠᠨᠠᠯ ᠪᠣᠯᠭᠠᠨ ᢉᠦᠢᠴᠡᠳ᠋ᢈᠡᢈᠦ ᠵᠠᢈᠢᠷᠠᠯ ᠳ.ᢉ- ᠡᠴᠡ ᠒᠐᠒᠑ ᠣᠨ ᠤ᠋ ᠖ ᠳᠤᠭᠠᠷ ᠰᠠᠷᠠ ᠶ᠋ᠢᠨ ᠒᠕- ᠤ᠋ ᠡᠳᠦᠷ ᠡᠴᠡ ᠒᠐᠒᠒ ᠣᠨ ᠤ᠋ ᠑᠐ ᠳᠤᠭᠠᠷ ᠰᠠᠷᠠ ᠶ᠋ᠢᠨ ᠒᠘- ᠤ᠋ ᠡᠳᠦᠷ ᠦ᠋ᠨ ᠬᠣᠭᠣᠷᠣᠨᠳᠤ ᠨᠡᠶᠢᠲᠡ ᠑᠖᠒.᠔ ᠰᠠᠶᠠ ᠲᠥᢉᠦᠷᠢᢉ ᠦ᠋ᠨ ᠬᠠᠬᠠᠤᠯᠢ ᠠᠪᠤᠭᠰᠠᠨ ᢈᠡᠷᠡᢉ ᠲᠦ ᠡᠷᠦᢉᠦ ᠶ᠋ᠢᠨ ᠬᠠᠤᠯᠢ ᠶ᠋ᠢᠨ ᠒᠒.᠔ ᠳ᠋ᠦ᠋ᢉᠡᠷ ᠵᠦᠢᠯ ᠦ᠋ᠨ ᠔ ᠳ᠋ᠡᢈᠢ ᢈᠡᠰᠡᢉ (ᠨᠡᠶᠢᠲᠡ ᠶ᠋ᠢᠨ ᠠᠯᠪᠠᠨ ᠲᠤᠰᠢᠶᠠᠯᠲᠠᠨ ᠬᠠᠬᠠᠤᠯᠢ ᠠᠪᠬᠤ)- ᠳ᠋ᠤ ᠵᠠᠭᠠᠭᠰᠠᠨ ᠢ᠋ᠶᠠᠷ ᠶᠠᠯᠯᠠᠬᠤ ᠳᠦᢉᠨᠡᠯᠲᠡ ᠦᠢᠯᠡᠳᠦᠵᠦ᠂ ᢈᠡᠷᠡᢉ ᠢ᠋ ᠰᠢᢉᠦᢈᠦ ᠳ᠋ᠦ ᠰᠢᠯᠵᠢᢉᠦᠯᠦᢉᠰᠡᠨ᠃
ᠰᠢᢉᠦᢈᠦ ᠡᠴᠡ ᠠ.ᠪ᠂ ᠪ.ᠮ ᠨᠠᠷ ᠢ᠋ ᠨᠡᠶᠢᠲᠡ ᠶ᠋ᠢᠨ ᠠᠯᠪᠠᠨ ᠲᠤᠰᠢᠶᠠᠯᠲᠠᠨ ᠬᠠᠬᠠᠤᠯᠢ ᠠᠪᠬᠤ ᢉᠡᠮᠲᠦ ᢈᠡᠷᠡᢉ ᠦᠢᠯᠡᠳᠦᢉᠰᠡᠨ ᢉᠡᠮ ᠪᠤᠷᠤᠭᠤᠲᠠᠢ ᠳ᠋ᠤ ᠲᠣᠭᠠᠴᠠᠵᠤ᠂ ᠨᠡᠶᠢᠲᠡ ᠶ᠋ᠢᠨ ᠠᠯᠪᠠᠨ ᠳ᠋ᠤ ᠠᠵᠢᠯᠯᠠᠬᠤ ᠡᠷᢈᠡ ᠶ᠋ᠢ ᠘ ᠵᠢᠯ ᠦ᠋ᠨ ᠬᠤᠭᠤᠴᠠᠭᠠ ᠪᠠᠷ ᠬᠠᠰᠤᠵᠤ᠂ ᠓᠕ ᠰᠠᠶᠠ ᠲᠥᢉᠦᠷᠢᢉ ᠢ᠋ᠶᠡᠷ ᠲᠣᠷᠭᠠᠬᠤ ᠶᠠᠯᠠ ᠲᠤᠰ ᠲᠤᠰ ᠣᠨᠣᠭᠳᠠᠭᠤᠯᠵᠤ᠂ ᢉᠡᠮᠲᠦ ᢈᠡᠷᠡᢉ ᠦ᠋ᠨ ᠤᠯᠠᠮ ᠠ᠋ᠴᠠ ᠣᠯᠤᠭᠰᠠᠨ ᠣᠷᠤᠯᠭᠠ ᠪᠣᠯᠬᠤ ᠑᠖᠒.᠔ ᠰᠠᠶᠠ ᠲᠥᢉᠦᠷᠢᢉ ᠢ᠋ ᠤᠯᠤᠰ ᠤ᠋ᠨ ᠣᠷᠤᠯᠭᠠ ᠪᠣᠯᠭᠠᠵᠤ ᠰᠢᠢᠳᠪᠦᠷᠢᠯᠡᢉᠰᠡᠨ᠃
- ᠯ.ᠳ ᠨᠢ ᠱᠱᢉᠶᠡᢉ- ᠦ᠋ᠨ ᠬᠠᠷᠢᠶᠠ ... ᠳᠤᠭᠠᠷ ᠨᠡᢉᠡᢉᠡᠯᠲᠡ ᠲᠡᠢ᠂ ᠬᠠᠭᠠᠯᠲᠠ ᠲᠠᠢ ᠬᠣᠷᠢᠬᠤ ᠠᠩᢉᠢ ᠶ᠋ᠢᠨ ᠲᠥᠯᠥᢉᠡᠯᠡᢉᠴᠢ ᠪᠡᠷ ᠠᠵᠢᠯᠯᠠᠵᠤ ᠪᠠᠶᠢᠬᠤ ᠳ᠋ᠠᠭᠠᠨ ᠬᠣᠯᠪᠤᠭᠳᠠᠬᠤ ᠳᠦᠷᠢᠮ᠂ ᠵᠢᠷᠤᠮ ᠢ᠋ ᠵᠥᠷᠢᠴᠡᠵᠦ᠂ ᠨᠡᠷᠡ ᠪᠦᢈᠦᠢ ᠬᠣᠷᠢᠭᠳᠠᠯ ᠳ᠋ᠤ ᠳᠠᠪᠠᠭᠤ ᠪᠠᠶᠢᠳᠠᠯ ᠣᠯᠭᠠᠵᠤ᠂ ᠤᠯᠠᠮ ᠢ᠋ᠶᠠᠷ ᠪᠡᠯᠡᠨ ᠮᠥᠩᢉᠦ᠂ ᠡᠳ ᠵᠦᠢᠯ ᠠᠪᠴᠤ᠂ ᠥᠪᠡᠷ ᠲᠦ ᠪᠡᠨ ᠡᠳ ᠦ᠋ᠨ ᠵᠠᠰᠠᠭ ᠤ᠋ᠨ ᠳᠠᠪᠠᠭᠤ ᠪᠠᠶᠢᠳᠠᠯ ᠪᠤᠢ ᠪᠣᠯᠭᠠᠭᠰᠠᠨ ᢈᠡᠷᠡᢉ ᠲᠦ ᠡᠷᠦᢉᠦ ᠶ᠋ᠢᠨ ᠬᠠᠤᠯᠢ ᠶ᠋ᠢᠨ ᠒᠒.᠑ ᠳ᠋ᠦ᠋ᢉᠡᠷ ᠵᠦᠢᠯ ᠦ᠋ᠨ ᠑ ᠳ᠋ᠡᢈᠢ ᢈᠡᠰᠡᢉ (ᠡᠷᢈᠡ ᠮᠡᠳᠡᠯ᠂ ᠠᠯᠪᠠᠨ ᠲᠤᠰᠢᠶᠠᠯ ᠤ᠋ᠨ ᠪᠠᠶᠢᠳᠠᠯ ᠢ᠋ᠶᠠᠨ ᠤᠷᠪᠠᠭᠤᠯᠤᠨ ᠠᠰᠢᠭᠯᠠᠬᠤ)- ᠳ᠋ᠤ ᠵᠠᠭᠠᠭᠰᠠᠨ ᠢ᠋ᠶᠠᠷ ᠶᠠᠯᠯᠠᠬᠤ ᠳᠦᢉᠨᠡᠯᠲᠡ ᠦᠢᠯᠡᠳᠦᠵᠦ᠂ ᢈᠡᠷᠡᢉ ᠢ᠋ ᠰᠢᢉᠦᢈᠦ ᠳ᠋ᠦ ᠰᠢᠯᠵᠢᢉᠦᠯᠦᢉᠰᠡᠨ᠃
ᠰᠢᢉᠦᢈᠦ ᠡᠴᠡ ᠯ.ᠳ- ᠶ᠋ᠢ ᠠᠯᠪᠠᠨ ᠲᠤᠰᠢᠶᠠᠯ ᠤ᠋ᠨ ᠪᠠᠶᠢᠳᠠᠯ ᠢ᠋ᠶᠠᠨ ᠤᠷᠪᠠᠭᠤᠯᠤᠨ ᠠᠰᠢᠭᠯᠠᠬᠤ ᢉᠡᠮᠲᠦ ᢈᠡᠷᠡᢉ ᠦᠢᠯᠡᠳᠦᢉᠰᠡᠨ ᢉᠡᠮ ᠪᠤᠷᠤᠭᠤᠲᠠᠢ ᠳ᠋ᠤ ᠲᠣᠭᠠᠴᠠᠵᠤ᠂ ᠨᠡᠶᠢᠲᠡ ᠶ᠋ᠢᠨ ᠠᠯᠪᠠᠨ ᠳ᠋ᠤ ᠠᠵᠢᠯᠯᠠᠬᠤ ᠡᠷᢈᠡ ᠶ᠋ᠢ ᠓ ᠵᠢᠯ ᠢ᠋ᠶᠡᠷ ᠬᠠᠰᠤᠵᠤ᠂ ᠒ ᠵᠢᠯ᠂ ᠖ ᠰᠠᠷᠠ ᠶ᠋ᠢᠨ ᠬᠤᠭᠤᠴᠠᠭᠠ ᠪᠠᠷ ᠵᠣᠷᠴᠢᠬᠤ ᠡᠷᢈᠡ ᠶ᠋ᠢ ᢈᠢᠵᠠᠭᠠᠷᠯᠠᠬᠤ ᠶᠠᠯᠠ ᠣᠨᠤᠭᠳᠠᠭᠤᠯᠵᠤ᠂ ᢉᠡᠮᠲᠦ ᢈᠡᠷᠡᢉ ᠦᠢᠯᠡᠳᠦᠵᠦ ᠣᠯᠤᠭᠰᠠᠨ ᠑.᠑ ᠰᠠᠶᠠ ᠲᠥᢉᠦᠷᠢᢉ ᠢ᠋ ᠤᠯᠤᠰ ᠤ᠋ᠨ ᠣᠷᠤᠯᠭᠠ ᠪᠣᠯᠭᠠᠬᠤ ᠪᠠᠷ ᠰᠢᠢᠳᠪᠦᠷᠢᠯᠡᢉᠰᠡᠨ᠃