ᠮᠡᠳᠡᢉᠡ

ᢈᠦᠷᠢᠶᠡᠯᠡᠨ ᠪᠠᠶᠢᠭ᠎ᠠ ᠣᠷᠴᠢᠨ ᠤ᠋ ᠡᠰᠡᠷᢉᠦ ᢈᠡᠷᠡᢉ ᠦ᠋ᠳ ᠢ᠋ ᠰᠢᢉᠦᢈᠦ ᠪᠡᠷ ᠰᠢᠢᠳᠪᠦᠷᠢᠯᠡᢉᠦᠯᠦᠯ᠎ᠡ

ᢈᠦᠷᠢᠶᠡᠯᠡᠨ ᠪᠠᠶᠢᠭ᠎ᠠ ᠣᠷᠴᠢᠨ ᠤ᠋ ᠡᠰᠡᠷᢉᠦ ᢈᠡᠷᠡᢉ ᠦ᠋ᠳ ᠢ᠋ ᠰᠢᢉᠦᢈᠦ ᠪᠡᠷ ᠰᠢᠢᠳᠪᠦᠷᠢᠯᠡᢉᠦᠯᠦᠯ᠎ᠡ

ᠫᠷᠣᠻᠦ᠋ᠷᠣᠷ ᠤ᠋ᠨ ᠪᠠᠶᠢᠭᠤᠯᠤᠯᠭ᠎ᠠ ᠠ᠋ᠴᠠ ᢈᠦᠷᠢᠶᠡᠯᠡᠨ ᠪᠤᠢ ᠣᠷᠴᠢᠨ ᠤ᠋ ᠡᠰᠡᠷᢉᠦ ᠦᠢᠯᠡᠳᠦᢉᠳᠡᢉᠰᠡᠨ ᢉᠡᠮᠲᠦ ᢈᠡᠷᠡᢉ᠂ ᠵᠥᠷᠢᠴᠡᠯ ᠢ᠋ ᠰᠢᠭᠤᠷᠬᠠᠢ ᠰᠢᠯᠭᠠᠵᠤ ᠰᠢᠢᠳᠪᠦᠷᠢᠯᠡᢈᠦ᠂ ᠡᠻᠣᠯᠣᢉᠢ ᠳ᠋ᠦ ᠤᠴᠠᠷᠠᠭᠰᠠᠨ ᠬᠣᢈᠢᠷᠠᠯ᠂ ᠬᠣᠤᠷ ᠤᠷᠤᠰᠢᠭ ᠢ᠋ ᠨᠥᢈᠦᠨ ᠲᠥᠯᠦᢉᠦᠯᢈᠦ ᠠᠷᠭ᠎ᠠ ᢈᠡᠮᠵᠢᠶ᠎ᠡ ᠶ᠋ᠢ ᠲᠣᠭᠲᠠᠮᠠᠯ ᠠᠪᠴᠤ ᢈᠡᠷᠡᢉᠵᠢᢉᠦᠯᢈᠦ ᠳ᠋ᠦ ᠣᠨᠴᠤᠭᠤᠶᠢᠯᠠᠨ ᠠᠩᠬᠠᠷᠴᠤ ᠪᠠᠶᠢᠨ᠎ᠠ᠃

ᠠᠷᠬᠠᠩᠭᠠᠢ᠂ ᠪᠠᠶᠠᠨᠬᠣᠩᠭᠣᠷ᠂ ᠰᠡᠯᠡᠩᢉᠡ᠂ ᠤᠪᠰᠤ ᠠᠶᠢᠮᠠᠭ ᠤ᠋ᠨ ᠫᠷᠣᠻᠦ᠋ᠷᠣᠷ ᠤ᠋ᠨ ᠭᠠᠵᠠᠷ᠂ ᠰᠣᠩᢉᠢᠨᠠᠬᠠᠶᠢᠷᠬᠠᠨ ᠳᠡᢉᠦᠷᢉᠡ ᠶ᠋ᠢᠨ ᠫᠷᠣᠻᠦ᠋ᠷᠣᠷ ᠤ᠋ᠨ ᠭᠠᠵᠠᠷ ᠠ᠋ᠴᠠ ᠶᠠᠯᠯᠠᠬᠤ ᠳᠦᢉᠨᠡᠯᠲᠡ ᠦᠢᠯᠡᠳᠦᠵᠦ᠂ ᠥᠩᢉᠡᠷᠡᢉᠰᠡᠨ ᠑᠔ ᠬᠣᠨᠤᠭ ᠲᠤ ᠪᠤᠶᠤ ᠒᠐᠒᠖ ᠣᠨ ᠤ᠋ ᠑᠐ ᠳ᠋ᠤᠭᠠᠷ ᠰᠠᠷ᠎ᠠ ᠶ᠋ᠢᠨ ᠑᠙- ᠤ᠋ ᠡᠳᠦᠷ ᠡᠴᠡ ᠓᠐- ᠤ᠋ ᠡᠳᠦᠷ ᠢ᠋ ᢈᠦᠷᠲᠡᠯᠡᢈᠢ ᠬᠤᠭᠤᠴᠠᠭᠠᠨ ᠳ᠋ᠤ ᠠᠩᠬᠠᠨ ᠱᠠᠲᠤᠨ ᠤ᠋ ᠰᠢᢉᠦᢈᠦ ᠪᠡᠷ ᠰᠢᠢᠳᠪᠦᠷᠢᠯᠡᢉᠦᠯᠦᢉᠰᠡᠨ ᢈᠡᠷᠡᢉ ᠦ᠋ᠳ ᠡᠴᠡ ᠲᠣᠶᠢᠮᠯᠠᠨ ᢈᠦᠷᢉᠡᠵᠦ ᠪᠠᠶᠢᠨ᠎ᠠ᠃

ᠠᠷᠬᠠᠩᠭᠠᠢ ᠠᠶᠢᠮᠠᠭ ᠤ᠋ᠨ ᠫᠷᠣᠻᠦ᠋ᠷᠣᠷ ᠤ᠋ᠨ ᠭᠠᠵᠠᠷ ᠠ᠋ᠴᠠ:​  

ᠵ.ᠪ ᠨᠢ ᠒᠐᠒᠖ ᠣᠨ ᠤ᠋ ᠘ ᠳ᠋ᠤᠭᠠᠷ ᠰᠠᠷ᠎ᠠ ᠶ᠋ᠢᠨ ᠒᠖- ᠠ᠋ᠴᠠ ᠒᠘- ᠤ᠋ ᠡᠳᠦᠷ ᠦ᠋ᠨ ᠬᠣᠭᠣᠷᠣᠨᠳᠤ ᠠᠷᠬᠠᠩᠭᠠᠢ ᠠᠶᠢᠮᠠᠭ ᠤ᠋ᠨ ᠁ ᠰᠤᠮᠤ ᠶ᠋ᠢᠨ ᠨᠤᠲᠤᠭ ᠳᠡᠪᠢᠰᢈᠡᠷ ᠡᠴᠡ ᠵᠥᠪᠰᠢᠶᠡᠷᠡᠯ ᠦᢉᠡᠢ ᠪᠡᠷ ᠰᠢᠨᠡᠰᠦ ᠲᠥᠷᠦᠯ ᠦ᠋ᠨ ᠪᠣᠰᠤᠭ᠎ᠠ ᠮᠣᠳᠤ ᠑᠑ ᠰᠢᠷᢈᠡᢉ᠂ ᠤᠨᠠᠩᢉᠢ ᠮᠣᠳᠤ ᠓ ᠰᠢᠷᢈᠡᢉ ᠢ᠋ ᠲᠤᠰ ᠲᠤᠰ ᠴᠠᢈᠢᠯᠭᠠᠨ ᢈᠢᠷᠦᢉᠡ ᠪᠡᠷ ᠣᠭᠲᠠᠯᠵᠤ᠂ ᠗᠔ ᢈᠡᠰᠡᢉ ᠲᠦ ᠬᠤᠪᠢᠶᠠᠨ ᠑᠂᠒᠖᠑ ᠮ.ᠻᠤᠪ ᠮᠣᠳᠤ ᠣᠢ ᠳ᠋ᠤ ᠪᠡᠯᠡᠳᢈᠡᠵᠦ᠂ ᠮᠥᠨ ᠭᠠᠵᠠᠷ ᠠ᠋ᠴᠠ ᠥᠪᠡᠷ ᠦ᠋ᠨ ᠬᠠᠪᠤᠷᠵᠢᠶ᠎ᠠ ᢈᠦᠷᠲᠡᠯ᠎ᠡ ᠲᠡᢉᠡᠪᠦᠷᠢ ᠶ᠋ᠢᠨ ᢈᠡᠷᠡᢉᠰᠡᠯ ᠢ᠋ᠶᠡᠷ ᠲᠡᢉᠡᠪᠦᠷᠢᠯᠡᠨ ᠣᠢ ᠶ᠋ᠢᠨ ᠰᠠᠩ ᠳ᠋ᠤ ᠒᠔᠙᠂᠑᠓᠒ ᠲᠥᢉᠦᠷᠢᢉ ᠦ᠋ᠨ ᠬᠣᢈᠢᠷᠠᠯ ᠤᠴᠠᠷᠠᠭᠤᠯᠤᠭᠰᠠᠨ ᢈᠡᠷᠡᢉ ᠲᠦ ᠫᠷᠣᠻᠦ᠋ᠷᠣᠷ ᠠ᠋ᠴᠠ ᠡᠷᠡᢉᠦᠦ ᠶ᠋ᠢᠨ ᠬᠠᠤᠯᠢ ᠶ᠋ᠢᠨ ᠒᠔.᠖ ᠳ᠋ᠤᠭᠠᠷ ᠵᠦᠢᠯ ᠦ᠋ᠨ ᠑ ᠳ᠋ᠡᢈᠢ ᢈᠡᠰᠡᢉ (ᠬᠠᠤᠯᠢ ᠪᠤᠰᠤ ᠪᠠᠷ ᠮᠣᠳᠤ ᠪᠡᠯᠡᠳᢈᠡᢈᠦ)- ᠳ᠋ᠦ ᠵᠢᠭᠠᠭᠰᠠᠨ ᠢ᠋ᠶᠠᠷ ᠵᠦᠢᠯᠴᠢᠯᠡᠵᠦ᠂ ᠶᠠᠯᠯᠠᠬᠤ ᠳᠦᢉᠨᠡᠯᠲᠡ ᠦᠢᠯᠡᠳᠦᠵᠦ ᠰᠢᢉᠦᢈᠦ ᠳ᠋ᠦ ᠰᠢᠯᠵᠢᢉᠦᠯᠦᢉᠰᠡᠨ᠃

​ᠰᠢᢉᠦᢈᠦ ᠡᠴᠡ ᠵ.ᠪ- ᠶ᠋ᠢ ᠬᠠᠤᠯᠢ ᠪᠤᠰᠤ ᠪᠠᠷ ᠮᠣᠳᠤ ᠪᠡᠯᠡᠳᢈᠡᢈᠦ ᢉᠡᠮᠲᠦ ᢈᠡᠷᠡᢉ ᠦᠢᠯᠡᠳᠦᢉᠰᠡᠨ ᢉᠡᠮ ᠪᠤᠷᠤᠭᠤᠲᠠᠢ ᠳ᠋ᠤ ᠲᠣᠭᠠᠴᠠᠵᠤ᠂ ᠔᠖᠐᠂᠐᠐᠐ ᠲᠥᢉᠦᠷᠢᢉ ᠢ᠋ᠶᠡᠷ ᠲᠣᠷᠭᠠᠬᠤ ᠶᠠᠯ᠎ᠠ ᠣᠨᠤᠭᠳᠠᠭᠤᠯᠵᠤ᠂ ᠲᠡᢉᠦᠨ ᠦ᠋ ᠦᠢᠯᠡᠳᠦᠯ ᠦ᠋ᠨ ᠤᠯᠠᠮ ᠠ᠋ᠴᠠ ᠪᠠᠶᠢᠭᠠᠯᠢ ᠣᠷᠴᠢᠨ ᠳ᠋ᠤ ᠤᠴᠠᠷᠠᠭᠰᠠᠨ ᠬᠣᢈᠢᠷᠠᠯ ᠪᠤᠶᠤ ᠗᠔᠗᠂᠓᠙᠖ ᠲᠥᢉᠦᠷᠢᢉ ᠢ᠋ ᠭᠠᠷᠭᠠᠭᠤᠯᠤᠨ ᠪᠠᠶᠢᠭᠠᠯᠢ ᠣᠷᠴᠢᠨ ᠠᠭᠤᠷ ᠠᠮᠢᠰᠬᠤᠯ ᠤ᠋ᠨ ᠰᠠᠩ ᠳ᠋ᠤ ᠣᠯᠭᠤᠬᠤ᠂ ᢉᠡᠮᠲᠦ ᢈᠡᠷᠡᢉ ᠦᠢᠯᠡᠳᠦᠵᠦ ᠣᠯᠤᠭᠰᠠᠨ ᢈᠥᠷᠦᠩᢉᠡ ᠪᠣᠯᠬᠤ ᠑᠂᠒᠖᠑ ᠮ.ᠻᠤᠪ ᠮᠣᠳᠤ᠂ ᢉᠡᠮᠲᠦ ᢈᠡᠷᠡᢉ ᠦᠢᠯᠡᠳᢈᠦ ᠦᠶ᠎ᠡ ᠳ᠋ᠦ ᠪᠡᠨ ᠠᠰᠢᠭᠯᠠᠭᠰᠠᠨ ᠻᠢᠶᠠ ᠰᠧᠷᠧᠰ (Kia Ceres) ᠵᠠᠭᠪᠤᠷ ᠤ᠋ᠨ ᠲᠡᢉᠡᠪᠦᠷᠢ ᠶ᠋ᠢᠨ ᢈᠡᠷᠡᢉᠰᠡᠯ᠂ ᠴᠠᢈᠢᠯᠭᠠᠨ ᢈᠢᠷᠦᢉᠡ ᠵᠡᠷᢉᠡ ᠶ᠋ᠢ ᠬᠤᠷᠢᠶᠠᠨ ᠠᠪᠴᠤ ᠤᠯᠤᠰ ᠤ᠋ᠨ ᠣᠷᠤᠯᠭ᠎ᠠ ᠪᠣᠯᠭᠠᠬᠤ ᠪᠠᠷ ᠰᠢᠢᠳᠪᠦᠷᠢᠯᠡᠵᠡᠢ᠃

ᠪᠠᠶᠠᠨᠬᠣᠩᠭᠣᠷ ᠠᠶᠢᠮᠠᠭ ᠤ᠋ᠨ ᠫᠷᠣᠻᠦ᠋ᠷᠣᠷ ᠤ᠋ᠨ ᠭᠠᠵᠠᠷ ᠠ᠋ᠴᠠ:​   

- ᠫ.ᠪ ᠨᠢ ᠪᠠᠶᠠᠨᠬᠣᠩᠭᠣᠷ ᠠᠶᠢᠮᠠᠭ ᠤ᠋ᠨ ᠁ ᠰᠤᠮᠤ ᠶ᠋ᠢᠨ ᠨᠤᠲᠤᠭ ᠳᠡᠪᠢᠰᢈᠡᠷ ᠲᠦ ᠒᠐᠒᠒ ᠣᠨ ᠤ᠋ ᠑᠐ ᠳ᠋ᠤᠭᠠᠷ ᠰᠠᠷ᠎ᠠ ᠶ᠋ᠢᠨ ᠐᠕- ᠠ᠋ᠴᠠ ᠐᠗- ᠤ᠋ ᠡᠳᠦᠷ ᠦ᠋ᠨ ᠬᠣᠭᠣᠷᠣᠨᠳᠤ ᠲᠤᠰᠬᠠᠢ ᠵᠥᠪᠰᠢᠶᠡᠷᠡᠯ ᠦᢉᠡᠢ ᠪᠡᠷ᠂ ᠬᠠᠤᠯᠢ ᠪᠤᠰᠤ ᠪᠠᠷ ᠠᠰᠢᠭᠲᠤ ᠮᠠᠯᠲᠠᠮᠠᠯ ᠤ᠋ᠨ ᠡᠷᠢᠯ ᠬᠠᠶᠢᠭᠤᠯ᠂ ᠣᠯᠪᠤᠷᠯᠠᠯᠲᠠ ᠶᠠᠪᠤᠭᠤᠯᠤᠭᠰᠠᠨ ᠪᠤᠶᠤ ᠭᠠᠵᠠᠷ ᠤ᠋ᠨ ᢈᠡᠪᠡᠯᠢ ᠳ᠋ᠦ ᠬᠠᠯᠳᠠᠵᠤ ᠪᠠᠶᠢᠭᠠᠯᠢ ᠣᠷᠴᠢᠨ ᠳ᠋ᠤ ᠒ ᠰᠠᠶ᠎ᠠ ᠲᠥᢉᠦᠷᠢᢉ ᠦ᠋ᠨ ᠰᠢᠭᠤᠳ ᠬᠣᢈᠢᠷᠠᠯ᠂ ᠨᠥᢈᠦᠨ ᠰᠡᠷᢉᠦᢉᠡᢈᠦ ᠲᠡᠢ ᠬᠣᠯᠪᠤᠭ᠎ᠠ ᠲᠠᠢ ᠔᠙᠑.᠐᠐᠐ ᠲᠥᢉᠦᠷᠢᢉ ᠦ᠋ᠨ ᠬᠣᠤᠷ ᠤᠷᠤᠰᠢᠭ ᠤᠴᠠᠷᠠᠭᠤᠯᠤᠭᠰᠠᠨ ᢈᠡᠷᠡᢉ ᠲᠦ ᠡᠷᠡᢉᠦᠦ ᠶ᠋ᠢᠨ ᠬᠠᠤᠯᠢ ᠶ᠋ᠢᠨ ᠒᠔.᠒ ᠳ᠋ᠤᠭᠠᠷ ᠵᠦᠢᠯ ᠦ᠋ᠨ ᠑ ᠳ᠋ᠡᢈᠢ ᢈᠡᠰᠡᢉ (ᠬᠠᠤᠯᠢ ᠪᠤᠰᠤ ᠪᠠᠷ ᠠᠰᠢᠭᠲᠤ ᠮᠠᠯᠲᠠᠮᠠᠯ ᠬᠠᠶᠢᠬᠤ᠂ ᠠᠰᠢᠭᠯᠠᠬᠤ᠂ ᠣᠯᠪᠤᠷᠯᠠᠬᠤ)- ᠳ᠋ᠤ ᠵᠢᠭᠠᠭᠰᠠᠨ ᠢ᠋ᠶᠠᠷ ᠵᠦᠢᠯᠴᠢᠯᠡᠵᠦ᠂ ᠶᠠᠯᠯᠠᠬᠤ ᠳᠦᢉᠨᠡᠯᠲᠡ ᠦᠢᠯᠡᠳᠦᠨ ᠰᠢᢉᠦᢈᠦ ᠳ᠋ᠦ ᠰᠢᠯᠵᠢᢉᠦᠯᠦᢉᠰᠡᠨ᠃

ᠰᠢᢉᠦᢈᠦ ᠡᠴᠡ ᠫ.ᠪ- ᠶ᠋ᠢ ᠡᠷᠡᢉᠦᠦ ᠶ᠋ᠢᠨ ᠬᠠᠤᠯᠢ ᠶ᠋ᠢᠨ ᠲᠤᠰᠬᠠᠢ ᠠᠩᢉᠢ ᠶ᠋ᠢᠨ ᠒᠔.᠒ ᠳ᠋ᠤᠭᠠᠷ ᠵᠦᠢᠯ ᠦ᠋ᠨ ᠑ ᠳ᠋ᠡᢈᠢ ᢈᠡᠰᠡᢉ ᠲᠦ ᠵᠢᠭᠠᠭᠰᠠᠨ ᢉᠡᠮᠲᠦ ᢈᠡᠷᠡᢉ ᠦᠢᠯᠡᠳᠦᢉᠰᠡᠨ ᢉᠡᠮ ᠪᠤᠷᠤᠭᠤᠲᠠᠢ ᠳ᠋ᠤ ᠲᠣᠭᠠᠴᠠᠵᠤ ᠬᠣᠷᠢᠬᠤ ᠶᠠᠯ᠎ᠠ ᠣᠨᠤᠭᠳᠠᠭᠤᠯᠬᠤ ᠦᢉᠡᠢ ᠪᠡᠷ ᠑ ᠵᠢᠯ ᠦ᠋ᠨ ᠬᠤᠭᠤᠴᠠᠭ᠎ᠠ ᠪᠠᠷ ᠲᠡᠨᠰᠡᠵᠦ᠂ ᢉᠡᠮᠲᠦ ᢈᠡᠷᠡᢉ ᠦᠢᠯᠡᠳᢈᠦ ᠳ᠋ᠦ ᠠᠰᠢᠭᠯᠠᠭᠰᠠᠨ ᠲᠧᢈᠨᠢᠻ ᠦ᠋ᠨ ᠦᠨᠡᠯᢉᠡ ᠪᠤᠶᠤ ᠑᠖ ᠰᠠᠶ᠎ᠠ ᠲᠥᢉᠦᠷᠢᢉ ᠢ᠋ ᠲᠡᢉᠦᠨ ᠡᠴᠡ ᠭᠠᠷᠭᠠᠭᠤᠯᠵᠤ ᠤᠯᠤᠰ ᠤ᠋ᠨ ᠣᠷᠤᠯᠭ᠎ᠠ ᠪᠣᠯᠭᠠᠵᠤ ᠰᠢᠢᠳᠪᠦᠷᠢᠯᠡᢉᠰᠡᠨ ᠪᠠᠶᠢᠨ᠎ᠠ᠃

- ᠠ.ᢉ᠂ ᠪ.ᢉ ᠨᠠᠷ ᠪᠦᠯᠦᢉᠯᠡᠨ ᠒᠐᠒᠖ ᠣᠨ ᠤ᠋ ᠘ ᠳ᠋ᠤᠭᠠᠷ ᠰᠠᠷ᠎ᠠ ᠶ᠋ᠢᠨ ᠐᠕- ᠤ᠋ ᠡᠳᠦᠷ ᠪᠠᠶᠠᠨᠬᠣᠩᠭᠣᠷ ᠠᠶᠢᠮᠠᠭ ᠤ᠋ᠨ ᠁ ᠰᠤᠮᠤ ᠶ᠋ᠢᠨ ᠨᠤᠲᠤᠭ ᠳᠡᠪᠢᠰᢈᠡᠷ ᠲᠦ ᠬᠠᠤᠯᠢ ᠪᠤᠰᠤ ᠪᠠᠷ ᠠᠰᠢᠭᠲᠤ ᠮᠠᠯᠲᠠᠮᠠᠯ ᠡᠷᠢᠨ ᠬᠠᠶᠢᠵᠤ᠂ ᠭᠠᠵᠠᠷ ᠤ᠋ᠨ ᢈᠡᠪᠡᠯᠢ ᠳ᠋ᠦ ᠬᠠᠯᠳᠠᠨ ᠐.᠗᠙ ᠭᠷᠠᠮ ᠰᠢᠷ᠎ᠠ ᠥᠩᢉᠡ ᠶ᠋ᠢᠨ ᠮᠧᠲᠠᠯᠯ ᠪᠤᠶᠤ ᠠᠯᠲᠠ ᠣᠯᠪᠤᠷᠯᠠᠭᠰᠠᠨ ᠦᠢᠯᠡᠳᠦᠯ ᠢ᠋ ᠫᠷᠣᠻᠦ᠋ᠷᠣᠷ ᠠ᠋ᠴᠠ ᠡᠷᠡᢉᠦᠦ ᠶ᠋ᠢᠨ ᠬᠠᠤᠯᠢ ᠶ᠋ᠢᠨ ᠒᠔.᠒ ᠳ᠋ᠤᠭᠠᠷ ᠵᠦᠢᠯ ᠦ᠋ᠨ ᠑ ᠳ᠋ᠡᢈᠢ ᢈᠡᠰᠡᢉ (ᠬᠠᠤᠯᠢ ᠪᠤᠰᠤ ᠪᠠᠷ ᠠᠰᠢᠭᠲᠤ ᠮᠠᠯᠲᠠᠮᠠᠯ ᠬᠠᠶᠢᠬᠤ᠂ ᠠᠰᠢᠭᠯᠠᠬᠤ᠂ ᠣᠯᠪᠤᠷᠯᠠᠬᠤ)- ᠳ᠋ᠤ ᠵᠢᠭᠠᠭᠰᠠᠨ ᠢ᠋ᠶᠠᠷ ᠵᠦᠢᠯᠴᠢᠯᠡᠵᠦ᠂ ᠶᠠᠯᠯᠠᠬᠤ ᠳᠦᢉᠨᠡᠯᠲᠡ ᠦᠢᠯᠡᠳᠦᠨ ᠰᠢᢉᠦᢈᠦ ᠳ᠋ᠦ ᠰᠢᠯᠵᠢᢉᠦᠯᠦᢉᠰᠡᠨ᠃

ᠰᠢᢉᠦᢈᠦ ᠡᠴᠡ ᠠ.ᢉ᠂ ᠪ.ᢉ ᠨᠠᠷ ᠢ᠋ ᠡᠷᠡᢉᠦᠦ ᠶ᠋ᠢᠨ ᠬᠠᠤᠯᠢ ᠶ᠋ᠢᠨ ᠒᠔.᠒ ᠳ᠋ᠤᠭᠠᠷ ᠵᠦᠢᠯ ᠦ᠋ᠨ ᠑ ᠳ᠋ᠡᢈᠢ ᢈᠡᠰᠡᢉ ᠲᠦ ᠵᠢᠭᠠᠭᠰᠠᠨ ᢉᠡᠮᠲᠦ ᢈᠡᠷᠡᢉ ᠦᠢᠯᠡᠳᠦᢉᠰᠡᠨ ᢉᠡᠮ ᠪᠤᠷᠤᠭᠤᠲᠠᠢ ᠳ᠋ᠤ ᠲᠣᠭᠠᠴᠠᠵᠤ᠂ ᢉᠡᠮᠲᠦ ᢈᠡᠷᠡᢉ ᠦᠢᠯᠡᠳᢈᠦ ᠳ᠋ᠦ ᠪᠡᠨ ᠠᠰᠢᠭᠯᠠᠭᠰᠠᠨ ᠒ ᠰᠢᠷᢈᠡᢉ ᠮᠧᠲᠠᠯᠯ ᠬᠠᠶᠢᠭᠴᠢ ᠶ᠋ᠢᠨ ᠦᠨᠡᠯᢉᠡ ᠪᠤᠶᠤ ᠓.᠒ ᠰᠠᠶ᠎ᠠ ᠲᠥᢉᠦᠷᠢᢉ᠂ ᠲᠡᢉᠡᠪᠦᠷᠢ ᠶ᠋ᠢᠨ ᢈᠡᠷᠡᢉᠰᠡᠯ ᠦ᠋ᠨ (ᠮᠣᠲᠣᠼᠢᠻᠯ) ᠦᠨᠡᠯᢉᠡ ᠒.᠕ ᠰᠠᠶ᠎ᠠ ᠲᠥᢉᠦᠷᠢᢉ᠂ ᠨᠡᠶᠢᠲᠡ ᠕.᠗ ᠰᠠᠶ᠎ᠠ ᠲᠥᢉᠦᠷᠢᢉ ᠢ᠋ ᠭᠠᠷᠭᠠᠭᠤᠯᠤᠨ ᠤᠯᠤᠰ ᠤ᠋ᠨ ᠣᠷᠤᠯᠭ᠎ᠠ ᠪᠣᠯᠭᠠᠵᠤ᠂ ᠰᠢᢉᠦᢉᠳᠡᢉᠴᠢ ᠲᠤᠰ ᠪᠦᠷᠢ ᠶ᠋ᠢ ᠕.᠔ ᠰᠠᠶ᠎ᠠ ᠲᠥᢉᠦᠷᠢᢉ ᠢ᠋ᠶᠡᠷ ᠲᠣᠷᠭᠠᠬᠤ ᠶᠠᠯ᠎ᠠ ᠣᠨᠤᠭᠳᠠᠭᠤᠯᠵᠤ ᠰᠢᠢᠳᠪᠦᠷᠢᠯᠡᢉᠰᠡᠨ ᠪᠠᠶᠢᠨ᠎ᠠ᠃

ᠰᠡᠯᠡᠩᢉᠡ ᠠᠶᠢᠮᠠᠭ ᠤ᠋ᠨ ᠫᠷᠣᠻᠦ᠋ᠷᠣᠷ ᠤ᠋ᠨ ᠭᠠᠵᠠᠷ ᠠ᠋ᠴᠠ:

- ᠳ.ᢈ ᠨᠢ ᠰᠡᠯᠡᠩᢉᠡ ᠠᠶᠢᠮᠠᠭ ᠤ᠋ᠨ ᠁ ᠰᠤᠮᠤ ᠶ᠋ᠢᠨ ᠨᠤᠲᠤᠭ ᠳᠡᠪᠢᠰᢈᠡᠷ ᠲᠦ ᠒᠐᠒᠕ ᠣᠨ ᠤ᠋ ᠔ ᠳ᠋ᠦ᠋ᢉᠡᠷ ᠰᠠᠷ᠎ᠠ ᠶ᠋ᠢᠨ ᠒᠕- ᠤ᠋ ᠡᠳᠦᠷ ᠬᠠᠤᠯᠢ ᠪᠤᠰᠤ ᠪᠠᠷ ᠠᠰᠢᠭᠲᠤ ᠮᠠᠯᠲᠠᠮᠠᠯ ᠣᠯᠪᠤᠷᠯᠠᠬᠤ ᠵᠣᠷᠢᠯᠭ᠎ᠠ ᠪᠠᠷ ᠥᠪᠡᠷ ᠦ᠋ᠨ ᠡᠵᠡᠮᠰᠢᠯ ᠦ᠋ᠨ ᠡᠻᠰᠻᠠᠸᠠᠲᠣᠷ ᠢ᠋ ᠪᠠᠶᠢᠷᠢᠯᠠᠭᠤᠯᠵᠤ᠂ ᠬᠠᠤᠯᠢ ᠪᠤᠰᠤ ᠪᠠᠷ ᠠᠰᠢᠭᠲᠤ ᠮᠠᠯᠲᠠᠮᠠᠯ ᠬᠠᠶᠢᠬᠤ᠂ ᠠᠰᠢᠭᠯᠠᠬᠤ᠂ ᠣᠯᠪᠤᠷᠯᠠᠬᠤ ᢉᠡᠮᠲᠦ ᢈᠡᠷᠡᢉ ᠦᠢᠯᠡᠳᢈᠦ ᠪᠡᠷ ᠪᠡᠯᠡᠳᢈᠡᢉᠰᠡᠨ ᠦᠢᠯᠡᠳᠦᠯ ᠳ᠋ᠦ ᠡᠷᠡᢉᠦᠦ ᠶ᠋ᠢᠨ ᠬᠠᠤᠯᠢ ᠶ᠋ᠢᠨ ᠒᠔.᠒ ᠳ᠋ᠤᠭᠠᠷ ᠵᠦᠢᠯ ᠦ᠋ᠨ ᠑ ᠳ᠋ᠡᢈᠢ ᢈᠡᠰᠡᢉ (ᠬᠠᠤᠯᠢ ᠪᠤᠰᠤ ᠪᠠᠷ ᠠᠰᠢᠭᠲᠤ ᠮᠠᠯᠲᠠᠮᠠᠯ ᠬᠠᠶᠢᠬᠤ᠂ ᠠᠰᠢᠭᠯᠠᠬᠤ᠂ ᠣᠯᠪᠤᠷᠯᠠᠬᠤ)- ᠳ᠋ᠤ ᠵᠢᠭᠠᠭᠰᠠᠨ ᠢ᠋ᠶᠠᠷ ᠶᠠᠯᠯᠠᠬᠤ ᠳᠦᢉᠨᠡᠯᠲᠡ ᠦᠢᠯᠡᠳᠦᠵᠦ᠂ ᠰᠢᢉᠦᢈᠦ ᠳ᠋ᠦ ᠰᠢᠯᠵᠢᢉᠦᠯᠦᢉᠰᠡᠨ᠃

ᠰᠢᢉᠦᢈᠦ ᠡᠴᠡ ᠳ.ᢈ- ᠶ᠋ᠢ ᠬᠠᠤᠯᠢ ᠪᠤᠰᠤ ᠪᠠᠷ ᠠᠰᠢᠭᠲᠤ ᠮᠠᠯᠲᠠᠮᠠᠯ ᠣᠯᠪᠤᠷᠯᠠᠬᠤ ᢉᠡᠮᠲᠦ ᢈᠡᠷᠡᢉ ᠲᠦ ᠪᠡᠯᠡᠳᢈᠡᢉᠰᠡᠨ ᢉᠡᠮ ᠪᠤᠷᠤᠭᠤᠲᠠᠢ ᠳ᠋ᠤ ᠲᠣᠭᠠᠴᠠᠵᠤ᠂ ᠕.᠔ ᠰᠠᠶ᠎ᠠ ᠲᠥᢉᠦᠷᠢᢉ ᠢ᠋ᠶᠡᠷ ᠲᠣᠷᠭᠠᠬᠤ ᠶᠠᠯ᠎ᠠ ᠣᠨᠤᠭᠳᠠᠭᠤᠯᠵᠤ ᠰᠢᠢᠳᠪᠦᠷᠢᠯᠡᠵᠡᠢ᠃

- ᢉ.ᠵ᠂ ᠴ.ᠱ᠂ ᢉ.ᠡ᠂ ᠪ.ᠮ ᠨᠠᠷ ᠨᠢ ᠪᠦᠯᠦᢉᠯᠡᠨ ᠰᠡᠯᠡᠩᢉᠡ ᠠᠶᠢᠮᠠᠭ ᠤ᠋ᠨ ᠁ ᠰᠤᠮᠤ ᠶ᠋ᠢᠨ ᠨᠤᠲᠤᠭ ᠳᠡᠪᠢᠰᢈᠡᠷ ᠲᠦ ᠒᠐᠒᠔ ᠣᠨ ᠤ᠋ ᠖ ᠳ᠋ᠤᠭᠠᠷ ᠰᠠᠷ᠎ᠠ ᠠ᠋ᠴᠠ ᠑᠒ ᠳ᠋ᠤᠭᠠᠷ ᠰᠠᠷ᠎ᠠ ᢈᠦᠷᠲᠡᠯᠡᢈᠢ ᠬᠤᠭᠤᠴᠠᠭᠠᠨ ᠳ᠋ᠤ ᠲᠤᠰᠬᠠᠢ ᠵᠥᠪᠰᠢᠶᠡᠷᠡᠯ ᠦᢉᠡᠢ ᠪᠡᠷ ᠠᠰᠢᠭᠲᠤ ᠮᠠᠯᠲᠠᠮᠠᠯ ᠣᠯᠪᠤᠷᠯᠠᠬᠤ ᠵᠣᠷᠢᠯᠭ᠎ᠠ ᠪᠠᠷ ᠡᠷᠢᠯ᠂ ᠬᠠᠶᠢᠭᠤᠯ ᢈᠢᢈᠦ᠂ ᠲᠧᢈᠨᠢᠻ ᢈᠡᠷᠡᢉᠰᠡᠯ ᠠᠰᠢᠭᠯᠠᠨ ᠲᠤᠰᠬᠠᠢ ᠵᠥᠪᠰᠢᠶᠡᠷᠡᠯ ᠦᢉᠡᠢ ᠪᠡᠷ ᠠᠰᠢᠭᠲᠤ ᠮᠠᠯᠲᠠᠮᠠᠯ ᠣᠯᠪᠤᠷᠯᠠᠬᠤ ᠵᠣᠷᠢᠯᠭ᠎ᠠ ᠪᠠᠷ ᠭᠠᠵᠠᠷ ᠤ᠋ᠨ ᢈᠡᠪᠡᠯᠢ ᠳ᠋ᠦ ᠬᠠᠯᠳᠠᠵᠤ᠂ ᢈᠦᠷᠢᠶᠡᠯᠡᠨ ᠪᠤᠢ ᠣᠷᠴᠢᠨ ᠳ᠋ᠤ ᠗᠖᠒᠂᠓᠓᠒ ᠲᠥᢉᠦᠷᠢᢉ ᠦ᠋ᠨ ᠬᠣᠤᠷ ᠤᠷᠤᠰᠢᠭ ᠲᠤᠰ ᠲᠤᠰ ᠤᠴᠠᠷᠠᠭᠤᠯᠤᠭᠰᠠᠨ ᢈᠡᠷᠡᢉ ᠲᠦ ᠡᠷᠡᢉᠦᠦ ᠶ᠋ᠢᠨ ᠬᠠᠤᠯᠢ ᠶ᠋ᠢᠨ ᠒᠔.᠒ ᠳ᠋ᠤᠭᠠᠷ ᠵᠦᠢᠯ ᠦ᠋ᠨ ᠑ ᠳ᠋ᠡᢈᠢ ᢈᠡᠰᠡᢉ (ᠬᠠᠤᠯᠢ ᠪᠤᠰᠤ ᠪᠠᠷ ᠠᠰᠢᠭᠲᠤ ᠮᠠᠯᠲᠠᠮᠠᠯ ᠬᠠᠶᠢᠬᠤ᠂ ᠠᠰᠢᠭᠯᠠᠬᠤ᠂ ᠣᠯᠪᠤᠷᠯᠠᠬᠤ)- ᠳ᠋ᠤ ᠵᠢᠭᠠᠭᠰᠠᠨ ᠢ᠋ᠶᠠᠷ ᠶᠠᠯᠯᠠᠬᠤ ᠳᠦᢉᠨᠡᠯᠲᠡ ᠦᠢᠯᠡᠳᠦᠵᠦ᠂ ᠰᠢᢉᠦᢈᠦ ᠳ᠋ᠦ ᠰᠢᠯᠵᠢᢉᠦᠯᠦᢉᠰᠡᠨ᠃

ᠰᠢᢉᠦᢈᠦ ᠡᠴᠡ ᠳᠡᢉᠡᠷᠡᢈᠢ ᠨᠡᠷ᠎ᠡ ᠪᠦᢈᠦᠢ ᠔ ᠢᠷᢉᠡᠨ ᠢ᠋ ᠪᠦᠯᠦᢉᠯᠡᠨ ᠡᠷᠡᢉᠦᠦ ᠶ᠋ᠢᠨ ᠬᠠᠤᠯᠢ ᠶ᠋ᠢᠨ ᠒᠔.᠒ ᠳ᠋ᠤᠭᠠᠷ ᠵᠦᠢᠯ ᠦ᠋ᠨ ᠑ ᠳ᠋ᠡᢈᠢ ᢈᠡᠰᠡᢉ ᠲᠦ ᠵᠢᠭᠠᠭᠰᠠᠨ ᢉᠡᠮᠲᠦ ᢈᠡᠷᠡᢉ ᠦᠢᠯᠡᠳᠦᢉᠰᠡᠨ ᢉᠡᠮ ᠪᠤᠷᠤᠭᠤᠲᠠᠢ ᠳ᠋ᠤ ᠲᠣᠭᠠᠴᠠᠵᠤ᠂ ᠕.᠕ ᠰᠠᠶ᠎ᠠ ᠠ᠋ᠴᠠ ᠖ ᠰᠠᠶ᠎ᠠ ᠲᠥᢉᠦᠷᠢᢉ ᠢ᠋ᠶᠡᠷ ᠲᠤᠰ ᠲᠤᠰ ᠲᠣᠷᠭᠠᠬᠤ ᠶᠠᠯ᠎ᠠ ᠣᠨᠤᠭᠳᠠᠭᠤᠯᠵᠤ᠂ ᢈᠦᠷᠢᠶᠡᠯᠡᠨ ᠪᠤᠢ ᠣᠷᠴᠢᠨ ᠳ᠋ᠤ ᠤᠴᠠᠷᠠᠭᠰᠠᠨ ᠑.᠑ ᠰᠠᠶ᠎ᠠ ᠲᠥᢉᠦᠷᠢᢉ᠂ ᠨᠥᢈᠦᠨ ᠰᠡᠷᢉᠦᢉᠡᠯᠲᠡ ᠶ᠋ᠢᠨ ᠠᠵᠢᠯ ᠤ᠋ᠨ ᠵᠠᠷᠤᠳᠠᠯ ᠓᠔᠔᠂᠓᠓᠒ ᠲᠥᢉᠦᠷᠢᢉ ᠢ᠋ ᠲᠤᠰ ᠲᠤᠰ ᠲᠥᠯᠦᠵᠦ ᠪᠠᠷᠠᠭᠳᠠᠭᠤᠯᠤᠭᠰᠠᠨ ᠢ᠋ ᠳᠤᠷᠳᠠᠨ᠂ ᢉᠡᠮᠲᠦ ᢈᠡᠷᠡᢉ ᠦᠢᠯᠡᠳᢈᠦ ᠳ᠋ᠦ ᠪᠡᠨ ᠠᠰᠢᠭᠯᠠᠭᠰᠠᠨ ᠲᠧᢈᠨᠢᠻ ᢈᠡᠷᠡᢉᠰᠡᠯ ᠪᠣᠯᠬᠤ ᠗.᠕ ᠰᠠᠶ᠎ᠠ ᠲᠥᢉᠦᠷᠢᢉ ᠦ᠋ᠨ ᠦᠨᠡᠯᢉᠡ ᠪᠦᢈᠦᠢ ᠡᠻᠰᠻᠠᠸᠠᠲᠣᠷ ᠑ ᠰᠢᠷᢈᠡᢉ᠂ ᠖᠓᠐᠂᠐᠐᠐ ᠲᠥᢉᠦᠷᠢᢉ ᠦ᠋ᠨ ᠦᠨᠡᠯᢉᠡ ᠪᠦᢈᠦᠢ ᠒ ᠰᠢᠷᢈᠡᢉ ᠤᠰᠤ ᠲᠠᠲᠠᠬᠤ ᠲᠥᢈᠦᢉᠡᠷᠦᠮᠵᠢ ᠶ᠋ᠢ ᠲᠤᠰ ᠲᠤᠰ ᠤᠯᠤᠰ ᠤ᠋ᠨ ᠣᠷᠤᠯᠭ᠎ᠠ ᠪᠣᠯᠭᠠᠬᠤ ᠪᠠᠷ ᠰᠢᠢᠳᠪᠦᠷᠢᠯᠡᠵᠡᠢ᠃

ᠤᠪᠰᠤ ᠠᠶᠢᠮᠠᠭ ᠤ᠋ᠨ ᠫᠷᠣᠻᠦ᠋ᠷᠣᠷ ᠤ᠋ᠨ ᠭᠠᠵᠠᠷ ᠠ᠋ᠴᠠ:

- ᠪ.ᢉ ᠨᠢ ᠤᠪᠰᠤ ᠠᠶᠢᠮᠠᠭ ᠤ᠋ᠨ ᠁ ᠰᠤᠮᠤ ᠶ᠋ᠢᠨ ᠨᠤᠲᠤᠭ ᠳᠡᠪᠢᠰᢈᠡᠷ ᠡᠴᠡ ᠒᠐᠒᠕ ᠣᠨ ᠤ᠋ ᠙ ᠳ᠋ᠦ᠋ᢉᠡᠷ ᠰᠠᠷ᠎ᠠ ᠶ᠋ᠢᠨ ᠑᠔- ᠦ᠋ ᠡᠳᠦᠷ ᠵᠣᢈᠢᠬᠤ ᠵᠥᠪᠰᠢᠶᠡᠷᠡᠯ ᠦᢉᠡᠢ ᠪᠡᠷ᠂ ᠬᠠᠤᠯᠢ ᠪᠤᠰᠤ ᠪᠠᠷ ᠖ ᠰᠢᠷᢈᠡᢉ ᠨᠣᠢᠲᠠᠨ ᠰᠢᠨᠡᠰᠦ ᠮᠣᠳᠤ ᠶ᠋ᠢ ᢈᠢᠷᠦᢉᠡ ᠠᠰᠢᠭᠯᠠᠨ ᠪᠡᠯᠡᠳᢈᠡᠵᠦ᠂ ᠢᠷᢉᠡᠨ ᠨ.ᠮ- ᠦ᠋ᠨ ᠡᠵᠡᠮᠰᠢᠯ ᠦ᠋ᠨ ᠲᠡᢉᠡᠪᠦᠷᠢ ᠶ᠋ᠢᠨ ᢈᠡᠷᠡᢉᠰᠡᠯ ᠢ᠋ᠶᠡᠷ ᠲᠡᢉᠡᠪᠦᠷᠢᠯᠡᠵᠦ᠂ ᠤᠯᠠᠮ ᠢ᠋ᠶᠠᠷ ᠣᠢ ᠶ᠋ᠢᠨ ᠰᠠᠩ ᠳ᠋ᠤ ᠓᠒᠘᠂᠔᠔᠔ ᠲᠥᢉᠦᠷᠢᢉ ᠦ᠋ᠨ ᠬᠣᢈᠢᠷᠠᠯ ᠤᠴᠠᠷᠠᠭᠤᠯᠤᠭᠰᠠᠨ ᢈᠡᠷᠡᢉ ᠲᠦ ᠡᠷᠡᢉᠦᠦ ᠶ᠋ᠢᠨ ᠬᠠᠤᠯᠢ ᠶ᠋ᠢᠨ ᠒᠔.᠖ ᠳ᠋ᠤᠭᠠᠷ ᠵᠦᠢᠯ ᠦ᠋ᠨ ᠑ ᠳ᠋ᠡᢈᠢ ᢈᠡᠰᠡᢉ (ᠬᠠᠤᠯᠢ ᠪᠤᠰᠤ ᠪᠠᠷ ᠮᠣᠳᠤ ᠪᠡᠯᠡᠳᢈᠡᢈᠦ)- ᠳ᠋ᠦ ᠵᠢᠭᠠᠭᠰᠠᠨ ᠢ᠋ᠶᠠᠷ ᠵᠦᠢᠯᠴᠢᠯᠡᠵᠦ᠂ ᠶᠠᠯᠯᠠᠬᠤ ᠳᠦᢉᠨᠡᠯᠲᠡ ᠦᠢᠯᠡᠳᠦᠨ ᠰᠢᢉᠦᢈᠦ ᠳ᠋ᠦ ᠰᠢᠯᠵᠢᢉᠦᠯᠦᢉᠰᠡᠨ᠃

​ᠰᠢᢉᠦᢈᠦ ᠡᠴᠡ ᠪ.ᢉ- ᠶ᠋ᠢ ᠡᠷᠡᢉᠦᠦ ᠶ᠋ᠢᠨ ᠬᠠᠤᠯᠢ ᠶ᠋ᠢᠨ ᠒᠔.᠖ ᠳ᠋ᠤᠭᠠᠷ ᠵᠦᠢᠯ ᠦ᠋ᠨ ᠑ ᠳ᠋ᠡᢈᠢ ᢈᠡᠰᠡᢉ ᠲᠦ ᠵᠢᠭᠠᠭᠰᠠᠨ ᢉᠡᠮᠲᠦ ᢈᠡᠷᠡᢉ ᠦᠢᠯᠡᠳᠦᢉᠰᠡᠨ ᢉᠡᠮ ᠪᠤᠷᠤᠭᠤᠲᠠᠢ ᠳ᠋ᠤ ᠲᠣᠭᠠᠴᠠᠵᠤ᠂ ᠣᠢ ᠶ᠋ᠢᠨ ᠰᠠᠩ ᠳ᠋ᠤ ᠤᠴᠠᠷᠠᠭᠤᠯᠤᠭᠰᠠᠨ ᠬᠣᢈᠢᠷᠠᠯ ᠢ᠋ ᠓ ᠳᠠᢈᠢᠨ ᠨᠡᠮᠡᢉᠳᠡᢉᠦᠯᠵᠦ ᠪᠤᠶᠤ ᠙᠘᠕᠂᠓᠓᠒ ᠲᠥᢉᠦᠷᠢᢉ ᠢ᠋ ᠲᠥᠯᠦᠵᠦ ᠪᠠᠷᠠᠭᠳᠠᠭᠤᠯᠤᠭᠰᠠᠨ ᠪᠣᠯᠬᠤ ᠶ᠋ᠢ ᠳᠤᠷᠳᠠᠭᠠᠳ ᠙᠐᠐᠂᠐᠐᠐ ᠲᠥᢉᠦᠷᠢᢉ ᠢ᠋ᠶᠡᠷ ᠲᠣᠷᠭᠠᠬᠤ ᠶᠠᠯ᠎ᠠ ᠣᠨᠤᠭᠳᠠᠭᠤᠯᠵᠤ᠂ ᢉᠡᠮᠲᠦ ᢈᠡᠷᠡᢉ ᠦᠢᠯᠡᠳᢈᠦ ᠳ᠋ᠦ ᠪᠡᠨ ᠠᠰᠢᠭᠯᠠᠭᠰᠠᠨ ᠲᠡᢉᠡᠪᠦᠷᠢ ᠶ᠋ᠢᠨ ᢈᠡᠷᠡᢉᠰᠡᠯ ᠦ᠋ᠨ ᠦᠨ᠎ᠡ ᠒ ᠰᠠᠶ᠎ᠠ ᠲᠥᢉᠦᠷᠢᢉ᠂ ᠔᠐᠂᠐᠐᠐ ᠲᠥᢉᠦᠷᠢᢉ ᠦ᠋ᠨ ᠦᠨᠡᠯᢉᠡ ᠪᠦᢈᠦᠢ ᢈᠢᠷᠦᢉᠡ᠂ ᢉᠡᠮᠲᠦ ᢈᠡᠷᠡᢉ ᠦᠢᠯᠡᠳᠦᠵᠦ ᠣᠯᠤᠭᠰᠠᠨ ᠨᠣᠢᠲᠠᠨ ᠰᠢᠨᠡᠰᠦ ᠮᠣᠳᠤ ᠶ᠋ᠢ ᠲᠤᠰ ᠲᠤᠰ ᠭᠠᠷᠭᠠᠭᠤᠯᠵᠤ ᠤᠯᠤᠰ ᠤ᠋ᠨ ᠣᠷᠤᠯᠭ᠎ᠠ ᠪᠣᠯᠭᠠᠵᠤ᠂ ᠖ ᠰᠢᠷᢈᠡᢉ ᠰᠢᠨᠡᠰᠦ ᠮᠣᠳᠤ ᠶ᠋ᠢ ᠲᠠᠷᠢᠵᠤ ᠤᠷᠭᠤᠭᠤᠯᠬᠤ ᠦᠦᠷᠡᢉ ᢈᠦᠯᠢᠶᠡᠯᢉᠡᢈᠦ ᠠᠯᠪᠠᠳᠤᠯᠭ᠎ᠠ ᠶ᠋ᠢᠨ ᠠᠷᠭ᠎ᠠ ᢈᠡᠮᠵᠢᠶ᠎ᠡ ᠠᠪᠴᠤ ᠰᠢᠢᠳᠪᠦᠷᠢᠯᠡᠵᠡᠢ᠃

- ᠪ.ᠣ᠂ ᠡ.ᠳ ᠨᠠᠷ ᠨᠢ ᠪᠦᠯᠦᢉᠯᠡᠨ ᠲᠤᠰᠬᠠᠢ ᠵᠥᠪᠰᠢᠶᠡᠷᠡᠯ ᠦᢉᠡᠢ ᠪᠡᠷ ᠤᠪᠰᠤ ᠠᠶᠢᠮᠠᠭ ᠤ᠋ᠨ ᠁ ᠰᠤᠮᠤ ᠶ᠋ᠢᠨ ᠨᠤᠲᠤᠭ ᠳᠡᠪᠢᠰᢈᠡᠷ ᠲᠦ ᠒᠐᠒᠕ ᠣᠨ ᠤ᠋ ᠙ ᠳ᠋ᠦ᠋ᢉᠡᠷ ᠰᠠᠷ᠎ᠠ ᠶ᠋ᠢᠨ ᠒᠐- ᠤ᠋ ᠡᠳᠦᠷ ᠬᠠᠤᠯᠢ ᠪᠤᠰᠤ ᠪᠠᠷ ᠮᠧᠲᠠᠯᠯ ᠢᠯᠡᠷᠡᢉᠦᠯᢈᠦ ᠪᠠᠭᠠᠵᠢ ᠠᠰᠢᠭᠯᠠᠨ ᠠᠰᠢᠭᠲᠤ ᠮᠠᠯᠲᠠᠮᠠᠯ ᠤ᠋ᠨ ᠡᠷᠢᠯ ᠬᠠᠶᠢᠭᠤᠯ ᠶᠠᠪᠤᠭᠤᠯᠤᠭᠰᠠᠨ ᢈᠡᠷᠡᢉ ᠲᠦ ᠡᠷᠡᢉᠦᠦ ᠶ᠋ᠢᠨ ᠬᠠᠤᠯᠢ ᠶ᠋ᠢᠨ ᠒᠔.᠒ ᠳ᠋ᠤᠭᠠᠷ ᠵᠦᠢᠯ ᠦ᠋ᠨ ᠑ ᠳ᠋ᠡᢈᠢ ᢈᠡᠰᠡᢉ (ᠬᠠᠤᠯᠢ ᠪᠤᠰᠤ ᠪᠠᠷ ᠠᠰᠢᠭᠲᠤ ᠮᠠᠯᠲᠠᠮᠠᠯ ᠬᠠᠶᠢᠬᠤ᠂ ᠠᠰᠢᠭᠯᠠᠬᠤ᠂ ᠣᠯᠪᠤᠷᠯᠠᠬᠤ)- ᠳ᠋ᠤ ᠵᠢᠭᠠᠭᠰᠠᠨ ᠢ᠋ᠶᠠᠷ ᠶᠠᠯᠯᠠᠬᠤ ᠳᠦᢉᠨᠡᠯᠲᠡ ᠦᠢᠯᠡᠳᠦᠵᠦ᠂ ᠰᠢᢉᠦᢈᠦ ᠳ᠋ᠦ ᠰᠢᠯᠵᠢᢉᠦᠯᠦᢉᠰᠡᠨ᠃

​ᠰᠢᢉᠦᢈᠦ ᠡᠴᠡ ᠪ.ᠣ᠂ ᠡ.ᠳ ᠨᠠᠷ ᠢ᠋ ᠪᠦᠯᠦᢉᠯᠡᠨ ᠡᠷᠡᢉᠦᠦ ᠶ᠋ᠢᠨ ᠬᠠᠤᠯᠢ ᠶ᠋ᠢᠨ ᠒᠔.᠒ ᠳ᠋ᠤᠭᠠᠷ ᠵᠦᠢᠯ ᠦ᠋ᠨ ᠑ ᠳ᠋ᠡᢈᠢ ᢈᠡᠰᠡᢉ ᠲᠦ ᠵᠢᠭᠠᠭᠰᠠᠨ ᢉᠡᠮᠲᠦ ᢈᠡᠷᠡᢉ ᠦᠢᠯᠡᠳᠦᢉᠰᠡᠨ ᢉᠡᠮ ᠪᠤᠷᠤᠭᠤᠲᠠᠢ ᠳ᠋ᠤ ᠲᠣᠭᠠᠴᠠᠵᠤ᠂ ᠲᠤᠰ ᠪᠦᠷᠢ ᠶ᠋ᠢ ᠕.᠔ ᠰᠠᠶ᠎ᠠ ᠲᠥᢉᠦᠷᠢᢉ ᠢ᠋ᠶᠡᠷ ᠲᠣᠷᠭᠠᠵᠤ ᠰᠢᠢᠳᠪᠦᠷᠢᠯᠡᢉᠰᠡᠨ ᠪᠠᠶᠢᠨ᠎ᠠ᠃

ᠢᠩᢈᠢᢈᠦ ᠳ᠋ᠦ ᠪᠡᠨ ᢉᠡᠮᠲᠦ ᢈᠡᠷᠡᢉ ᠦᠢᠯᠡᠳᢈᠦ ᠳ᠋ᠦ ᠪᠡᠨ ᠠᠰᠢᠭᠯᠠᠭᠰᠠᠨ ᠪ.ᠣ- ᠶ᠋ᠢᠨ ᠡᠵᠡᠮᠰᠢᠯ ᠦ᠋ᠨ ᠙ ᠰᠠᠶ᠎ᠠ ᠲᠥᢉᠦᠷᠢᢉ ᠦ᠋ᠨ ᠦᠨ᠎ᠡ ᠪᠦᢈᠦᠢ ᠲᠡᢉᠡᠪᠦᠷᠢ ᠶ᠋ᠢᠨ ᢈᠡᠷᠡᢉᠰᠡᠯ᠂ ᠮᠧᠲᠠᠯᠯ ᠬᠠᠶᠢᠭᠴᠢ ᠪᠠᠭᠠᠵᠢ᠂ ᢈᠡᠷᠡᢉᠰᠡᠯ ᠵᠡᠷᢉᠡ ᠶ᠋ᠢᠨ ᠦᠨᠡᠯᢉᠡ ᠪᠤᠶᠤ ᠑.᠕ ᠰᠠᠶ᠎ᠠ ᠲᠥᢉᠦᠷᠢᢉ ᠢ᠋ ᠰᠢᢉᠦᢉᠳᠡᢉᠴᠢ ᠨᠠᠷ ᠠ᠋ᠴᠠ ᠬᠤᠪᠢ ᠲᠡᠩᠴᠡᢉᠦᠯᠦᠨ ᠭᠠᠷᠭᠠᠭᠤᠯᠵᠤ ᠤᠯᠤᠰ ᠤ᠋ᠨ ᠣᠷᠤᠯᠭ᠎ᠠ ᠪᠣᠯᠭᠠᠵᠠᠢ᠃

ᠰᠣᠩᢉᠢᠨᠠᠬᠠᠶᠢᠷᠬᠠᠨ ᠳᠡᢉᠦᠷᢉᠡ ᠶ᠋ᠢᠨ ᠫᠷᠣᠻᠦ᠋ᠷᠣᠷ ᠤ᠋ᠨ ᠭᠠᠵᠠᠷ ᠠ᠋ᠴᠠ:​

- ᠴ.ᠱ ᠨᠢ ᠒᠐᠒᠖ ᠣᠨ ᠤ᠋ ᠒ ᠳ᠋ᠤᠭᠠᠷ ᠰᠠᠷ᠎ᠠ ᠶ᠋ᠢᠨ ᠐᠔- ᠡᠴᠡ ᠐᠕- ᠤ᠋ ᠡᠳᠦᠷ ᠦ᠋ᠨ ᠬᠣᠭᠣᠷᠣᠨᠳᠤ ᠵᠣᢈᠢᠬᠤ ᠵᠥᠪᠰᠢᠶᠡᠷᠡᠯ ᠦᢉᠡᠢ ᠪᠡᠷ᠂ ᠬᠠᠤᠯᠢ ᠳ᠋ᠤ ᠵᠢᠭᠠᠭᠰᠠᠨ ᠠ᠋ᠴᠠ ᠥᢉᠡᠷ᠎ᠡ ᠵᠣᠷᠢᠯᠭ᠎ᠠ ᠪᠠᠷ ᠲᠥᠪ ᠠᠶᠢᠮᠠᠭ ᠤ᠋ᠨ ᠨᠤᠲᠤᠭ ᠳᠡᠪᠢᠰᢈᠡᠷ ᠡᠴᠡ ᠑᠔᠐.᠙ ᠻᠭ “ᠨᠡᠩ ᠬᠣᠪᠤᠷ ᠤᠷᠭᠤᠮᠠᠯ ᠤ᠋ᠨ ᠵᠢᠭᠰᠠᠭᠠᠯᠲᠠ”- ᠳ᠋ᠤ ᠪᠠᠭᠲᠠᠭᠰᠠᠨ ᠬᠣᠨᠢᠨ ᠠᠷᠴᠠ (Juniperus sabina)- ᠶ᠋ᠢ ᠲᠡᢉᠦᠵᠦ᠂ ᠰᠣᠩᢉᠢᠨᠠᠬᠠᠶᠢᠷᠬᠠᠨ ᠳᠡᢉᠦᠷᢉᠡ ᠶ᠋ᠢᠨ ᠨᠤᠲᠤᠭ ᠳᠡᠪᠢᠰᢈᠡᠷ ᠲᠦ ᠪᠠᠶᠢᠷᠢᠯᠠᠬᠤ “ᠡᠮᠡᢉᠡᠯᠲᠦ ᠶ᠋ᠢᠨ ᢈᠢᠨᠠᠯᠲᠠ ᠶ᠋ᠢᠨ ᠴᠡᢉ” ᢈᠦᠷᠲᠡᠯ᠎ᠡ ᠲᠡᢉᠡᠪᠦᠷᠢ ᠶ᠋ᠢᠨ ᢈᠡᠷᠡᢉᠰᠡᠯ ᠢ᠋ᠶᠡᠷ ᠲᠡᢉᠡᠪᠦᠷᠢᠯᠡᢉᠰᠡᠨ᠂ ᠤᠯᠠᠮ ᠢ᠋ᠶᠠᠷ ᠤᠷᠭᠤᠮᠠᠯ ᠤ᠋ᠨ ᠠᠶᠢᠮᠠᠭ ᠲᠤ ᠗᠑.᠑ ᠰᠠᠶ᠎ᠠ ᠲᠥᢉᠦᠷᠢᢉ ᠦ᠋ᠨ ᠬᠣᢈᠢᠷᠠᠯ ᠤᠴᠠᠷᠠᠭᠤᠯᠤᠭᠰᠠᠨ ᢈᠡᠷᠡᢉ ᠲᠦ ᠡᠷᠡᢉᠦᠦ ᠶ᠋ᠢᠨ ᠬᠠᠤᠯᠢ ᠶ᠋ᠢᠨ ᠒᠔.᠘ ᠳ᠋ᠤᠭᠠᠷ ᠵᠦᠢᠯ ᠦ᠋ᠨ ᠑ ᠳ᠋ᠡᢈᠢ ᢈᠡᠰᠡᢉ (ᠪᠠᠶᠢᠭᠠᠯᠢ ᠶ᠋ᠢᠨ ᠤᠷᠭᠤᠮᠠᠯ ᠢ᠋ ᠬᠠᠤᠯᠢ ᠪᠤᠰᠤ ᠪᠠᠷ ᠪᠡᠯᠡᠳᢈᠡᢈᠦ)- ᠳ᠋ᠦ ᠵᠢᠭᠠᠭᠰᠠᠨ ᠢ᠋ᠶᠠᠷ ᠶᠠᠯᠯᠠᠬᠤ ᠳᠦᢉᠨᠡᠯᠲᠡ ᠦᠢᠯᠡᠳᠦᠵᠦ ᠰᠢᢉᠦᢈᠦ ᠳ᠋ᠦ ᠰᠢᠯᠵᠢᢉᠦᠯᠦᢉᠰᠡᠨ᠃

ᠰᠢᢉᠦᢈᠦ ᠡᠴᠡ ᠴ.ᠱ- ᠢ᠋ ᠡᠷᠡᢉᠦᠦ ᠶ᠋ᠢᠨ ᠬᠠᠤᠯᠢ ᠶ᠋ᠢᠨ ᠒᠔.᠘ ᠳ᠋ᠤᠭᠠᠷ ᠵᠦᠢᠯ ᠦ᠋ᠨ ᠑ ᠳ᠋ᠡᢈᠢ ᢈᠡᠰᠡᢉ ᠲᠦ ᠵᠢᠭᠠᠭᠰᠠᠨ ᢉᠡᠮᠲᠦ ᢈᠡᠷᠡᢉ ᠦᠢᠯᠡᠳᠦᢉᠰᠡᠨ ᢉᠡᠮ ᠪᠤᠷᠤᠭᠤᠲᠠᠢ ᠳ᠋ᠤ ᠲᠣᠭᠠᠴᠠᠵᠤ᠂ ᠒ ᠵᠢᠯ ᠦ᠋ᠨ ᠬᠤᠭᠤᠴᠠᠭ᠎ᠠ ᠪᠠᠷ ᠵᠠᠪᠬᠠᠨ ᠠᠶᠢᠮᠠᠭ ᠤ᠋ᠨ ᠁ ᠰᠤᠮᠤ ᠠ᠋ᠴᠠ ᠭᠠᠷᠬᠤ ᠦᢉᠡᠢ ᠪᠠᠶᠢᠬᠤ ᠪᠠᠷ ᠵᠣᠷᠴᠢᠬᠤ ᠡᠷᢈᠡ ᠶ᠋ᠢ ᢈᠢᠵᠠᠭᠠᠷᠯᠠᠬᠤ ᠶᠠᠯ᠎ᠠ ᠣᠨᠤᠭᠳᠠᠭᠤᠯᠵᠤ᠂ ᠲᠡᢉᠦᠨ ᠡᠴᠡ ᠤᠷᠭᠤᠮᠠᠯ ᠤ᠋ᠨ ᠠᠶᠢᠮᠠᠭ ᠲᠤ ᠤᠴᠠᠷᠠᠭᠤᠯᠤᠭᠰᠠᠨ ᠗᠑.᠑ ᠰᠠᠶ᠎ᠠ ᠲᠥᢉᠦᠷᠢᢉ ᠢ᠋ ᠭᠠᠷᠭᠠᠭᠤᠯᠵᠤ ᠪᠠᠶᠢᠭᠠᠯᠢ ᠣᠷᠴᠢᠨ᠂ ᠠᠭᠤᠷ ᠠᠮᠢᠰᠬᠤᠯ ᠤ᠋ᠨ ᠰᠠᠩ ᠳ᠋ᠤ ᠣᠯᠭᠤᠬᠤ ᠪᠠᠷ ᠰᠢᠢᠳᠪᠦᠷᠢᠯᠡᢉᠰᠡᠨ ᠪᠠᠶᠢᠨ᠎ᠠ᠃

ᠮᠡᠳᠡᢉᠡ ᠶ᠋ᠢ ᠬᠤᠪᠢᠶᠠᠯᠴᠠᠬᠤ:
ᠬᠣᠯᠪᠣᠭᠣᠰᠤ ᠬᠠᠭᠤᠯᠤᠭᠳᠠᠯᠠᠭ᠎ᠠ