ᠮᠡᠳᠡᢉᠡ

“ᠰᠡᠵᠢᢉᠲᠡᠨ ᠢ᠋ ᠪᠠᠷᠢᠪᠴᠢᠯᠠᠬᠤ ᠠᠵᠢᠯᠯᠠᠭ᠎ᠠ ᠬᠠᠤᠯᠢ ᠳ᠋ᠤ ᠨᠡᠶᠢᠴᠡᢉᠰᠡᠨ ᠪᠠᠶᠢᠬᠤ ᠱᠠᠭᠠᠷᠳᠯᠠᠭ᠎ᠠ᠂ ᠬᠠᠯᠳᠠᠰᠢ ᠦᢉᠡᠢ ᠪᠠᠶᠢᠬᠤ ᠡᠷᢈᠡ ᠶ᠋ᠢ ᠬᠠᠩᠭᠠᠬᠤ ᠵᠠᠷᠴᠢᠮ” ᠰᠡᠳᠦᠪᠲᠦ ᠰᠤᠷᠭᠠᠯᠲᠠ ᠵᠣᢈᠢᠶᠠᠨ ᠪᠠᠶᠢᠭᠤᠯᠤᠯ᠎ᠠ

“ᠰᠡᠵᠢᢉᠲᠡᠨ ᠢ᠋ ᠪᠠᠷᠢᠪᠴᠢᠯᠠᠬᠤ ᠠᠵᠢᠯᠯᠠᠭ᠎ᠠ ᠬᠠᠤᠯᠢ ᠳ᠋ᠤ ᠨᠡᠶᠢᠴᠡᢉᠰᠡᠨ ᠪᠠᠶᠢᠬᠤ ᠱᠠᠭᠠᠷᠳᠯᠠᠭ᠎ᠠ᠂ ᠬᠠᠯᠳᠠᠰᠢ ᠦᢉᠡᠢ ᠪᠠᠶᠢᠬᠤ ᠡᠷᢈᠡ ᠶ᠋ᠢ ᠬᠠᠩᠭᠠᠬᠤ ᠵᠠᠷᠴᠢᠮ” ᠰᠡᠳᠦᠪᠲᠦ ᠰᠤᠷᠭᠠᠯᠲᠠ ᠵᠣᢈᠢᠶᠠᠨ ᠪᠠᠶᠢᠭᠤᠯᠤᠯ᠎ᠠ

ᠤᠯᠤᠰ ᠤ᠋ᠨ ᠶᠡᠷᠦᠩᢈᠡᠢ ᠫᠷᠣᠻᠦ᠋ᠷᠣᠷ ᠤ᠋ᠨ ᠭᠠᠵᠠᠷ ᠤ᠋ᠨ ᠳᠡᠷᢉᠡᠳᠡᢈᠢ ᠰᠤᠷᠭᠠᠯᠲᠠ᠂ ᠰᠤᠳᠤᠯᠭᠠᠨ ᠤ᠋ ᢈᠦᠷᠢᠶᠡᠯᠡᠩ ᠨᠡᠶᠢᠰᠯᠡᠯ ᠦ᠋ᠨ ᠫᠷᠣᠻᠦ᠋ᠷᠣᠷ ᠤ᠋ᠨ ᠭᠠᠵᠠᠷ ᠲᠠᠢ ᠬᠠᠮᠲᠤᠷᠠᠨ “ᠰᠡᠵᠢᢉᠲᠡᠨ ᠢ᠋ ᠪᠠᠷᠢᠪᠴᠢᠯᠠᠬᠤ ᠠᠵᠢᠯᠯᠠᠭ᠎ᠠ ᠬᠠᠤᠯᠢ ᠳ᠋ᠤ ᠨᠡᠶᠢᠴᠡᢉᠰᠡᠨ ᠪᠠᠶᠢᠬᠤ ᠱᠠᠭᠠᠷᠳᠯᠠᠭ᠎ᠠ᠂ ᠬᠠᠯᠳᠠᠰᠢ ᠦᢉᠡᠢ ᠪᠠᠶᠢᠬᠤ ᠡᠷᢈᠡ ᠶ᠋ᠢ ᠬᠠᠩᠭᠠᠬᠤ ᠵᠠᠷᠴᠢᠮ” ᠰᠡᠳᠦᠪᠲᠦ ᠰᠤᠷᠭᠠᠯᠲᠠ ᠶ᠋ᠢ ᠒᠐᠒᠖ ᠣᠨ ᠤ᠋ ᠑᠐ ᠳ᠋ᠤᠭᠠᠷ ᠰᠠᠷ᠎ᠠ ᠶ᠋ᠢᠨ ᠓᠐- ᠤ᠋ ᠡᠳᠦᠷ ᠵᠣᢈᠢᠶᠠᠨ ᠪᠠᠶᠢᠭᠤᠯᠤᠯ᠎ᠠ᠃

ᠡᠨᠡᢈᠦ ᠰᠤᠷᠭᠠᠯᠲᠠ ᠶ᠋ᠢ ᠨᠡᠶᠢᠰᠯᠡᠯ ᠦ᠋ᠨ ᠫᠷᠣᠻᠦ᠋ᠷᠣᠷ ᠤ᠋ᠨ ᠭᠠᠵᠠᠷ ᠠ᠋ᠴᠠ ᢈᠢᢉᠰᠡᠨ “ᠰᠡᠵᠢᢉᠲᠡᠨ ᠢ᠋ ᠬᠣᠶᠢᠰᠢᠯᠠᠭᠤᠯᠤᠰᠢ ᠦᢉᠡᠢ ᠪᠡᠷ ᠪᠠᠷᠢᠪᠴᠢᠯᠠᠬᠤ ᠠᠵᠢᠯᠯᠠᠭᠠᠨ ᠳ᠋ᠤ ᠫᠷᠣᠻᠦ᠋ᠷᠣᠷ ᢈᠢᠨᠠᠯᠲᠠ ᠲᠠᠯᠪᠢᠭᠰᠠᠨ ᠪᠠᠶᠢᠳᠠᠯ” ᠰᠤᠳᠤᠯᠭᠠᠨ ᠤ᠋ ᠦᠷ᠎ᠡ ᠳᠦᠩ ᠳ᠋ᠦ ᠲᠤᠯᠭᠠᠭᠤᠷᠯᠠᠨ᠂ ᠰᠡᠵᠢᢉᠲᠡᠨ ᠢ᠋ ᠪᠠᠷᠢᠪᠴᠢᠯᠠᠬᠤ ᠠᠵᠢᠯᠯᠠᠭᠠᠨ ᠳ᠋ᠤ ᢈᠦᠮᠦᠨ ᠦ᠋ ᠬᠠᠯᠳᠠᠰᠢ ᠦᢉᠡᠢ᠂ ᠴᠢᠯᠦᢉᠡ ᠲᠡᠢ ᠪᠠᠶᠢᠬᠤ ᠡᠷᢈᠡ ᠶ᠋ᠢ ᠬᠠᠩᠭᠠᠬᠤ᠂ ᠰᠢᢉᠦᢈᠦ ᠶ᠋ᠢᠨ ᠵᠥᠪᠰᠢᠶᠡᠷᠡᠯ ᠢ᠋ᠶᠡᠷ ᠪᠣᠯᠤᠨ ᠬᠣᠶᠢᠰᠢᠯᠠᠭᠤᠯᠤᠰᠢ ᠦᢉᠡᠢ ᠪᠡᠷ ᠪᠠᠷᠢᠪᠴᠢᠯᠠᠬᠤ ᠠᠵᠢᠯᠯᠠᠭᠠᠨ ᠤ᠋ ᠣᠨᠴᠠᠯᠢᠭ᠂ ᠬᠠᠤᠯᠢ ᢈᠡᠷᠡᢉᠯᠡᢉᠡᠨ ᠦ᠋ ᠫᠷᠠᠻᠲᠢᠻ ᠠᠰᠠᠭᠤᠳᠠᠯ ᠵᠡᠷᢉᠡ ᠶ᠋ᠢ ᢈᠥᠨᠳᠡᢉᠰᠡᠨ ᠣᠨᠴᠠᠯᠢᠭ ᠰᠤᠷᠭᠠᠯᠲᠠ ᠪᠣᠯᠤᠯ᠎ᠠ᠃

ᠰᠤᠷᠭᠠᠯᠲᠠ ᠳ᠋ᠤ ᠠᠶᠢᠮᠠᠭ᠂ ᠨᠡᠶᠢᠰᠯᠡᠯ᠂ ᠲᠡᢉᠡᠪᠦᠷᠢ᠂ ᠳᠡᢉᠦᠷᢉᠡ᠂ ᠰᠤᠮᠤ ᠳᠤᠮᠳᠠ ᠶ᠋ᠢᠨ ᠫᠷᠣᠻᠦ᠋ᠷᠣᠷ ᠤ᠋ᠨ ᠭᠠᠵᠠᠷ ᠤ᠋ᠨ ᠫᠷᠣᠻᠦ᠋ᠷᠣᠷ ᠤ᠋ᠳ ᠪᠣᠯᠤᠨ ᠴᠠᠭᠳᠠᠭ᠎ᠠ ᠶ᠋ᠢᠨ ᠶᠡᠷᠦᠩᢈᠡᠢ ᠭᠠᠵᠠᠷ ᠤ᠋ᠨ ᠮᠥᠷᠳᠡᠨ ᠰᠢᠯᠭᠠᠬᠤ ᠠᠯᠪᠠ᠂ ᠡᠷᠡᢉᠦᠦ ᠶ᠋ᠢᠨ ᠴᠠᠭᠳᠠᠭ᠎ᠠ ᠶ᠋ᠢᠨ ᠠᠯᠪᠠ᠂ ᠻᠢᠪᠧᠷ ᢉᠡᠮᠲᠦ ᢈᠡᠷᠡᢉ ᠲᠡᠢ ᠲᠡᠮᠡᠴᠡᢈᠦ ᠭᠠᠵᠠᠷ᠂ ᠡᠻᠣᠯᠣᢉᠢ ᠶ᠋ᠢᠨ ᠴᠠᠭᠳᠠᠭ᠎ᠠ ᠶ᠋ᠢᠨ ᠠᠯᠪᠠ᠂ ᠬᠠᠷ᠎ᠠ ᠲᠠᠮᠠᢈᠢ ᠲᠠᠢ ᠲᠡᠮᠡᠴᠡᢈᠦ ᠭᠠᠵᠠᠷ᠂ ᠠᠪᠢᠯᠭ᠎ᠠ ᠲᠠᠢ ᠲᠡᠮᠡᠴᠡᢈᠦ ᠭᠠᠵᠠᠷ᠂ ᠲᠠᠭᠨᠤᠯ ᠤ᠋ᠨ ᠶᠡᠷᠦᠩᢈᠡᠢ ᠭᠠᠵᠠᠷ ᠤ᠋ᠨ ᠮᠥᠷᠳᠡᢉᠴᠢ᠂ ᠡᠷᠡᢉᠦᠦ ᠶ᠋ᠢᠨ ᠮᠥᠷᠳᠡᢉᠴᠢ ᠨᠠᠷ ᠲᠠᠩᢈᠢᠮ ᠪᠣᠯᠤᠨ ᠴᠠᢈᠢᠮ ᢈᠡᠯᠪᠡᠷᠢ ᠪᠡᠷ ᠬᠠᠮᠤᠷᠤᠭᠳᠠᠯ᠎ᠠ᠃

ᠮᠡᠳᠡᢉᠡ ᠶ᠋ᠢ ᠬᠤᠪᠢᠶᠠᠯᠴᠠᠬᠤ:
ᠬᠣᠯᠪᠣᠭᠣᠰᠤ ᠬᠠᠭᠤᠯᠤᠭᠳᠠᠯᠠᠭ᠎ᠠ