ᠮᠥᠩᢉᠦ ᠤᠭᠠᠭᠠᠬᠤ ᠕᠙ ᢈᠡᠷᠡᢉ ᠲᠦ ᠶᠠᠯᠯᠠᠬᠤ ᠳᠦᢉᠨᠡᠯᠲᠡ ᠦᠢᠯᠡᠳᠦᠵᠡᠢ
ᠫᠷᠣᠻᠦ᠋ᠷᠣᠷ ᠤ᠋ᠨ ᠪᠠᠶᠢᠭᠤᠯᠤᠯᠭᠠ ᠒᠐᠒᠖ ᠣᠨ ᠤ᠋ III ᠤᠯᠢᠷᠠᠯ ᠤ᠋ᠨ ᠪᠠᠶᠢᠳᠠᠯ ᠢ᠋ᠶᠠᠷ ᠮᠥᠩᢉᠦ ᠤᠭᠠᠭᠠᠬᠤ ᢉᠡᠮᠲᠦ ᢈᠡᠷᠡᢉ ᠲᠡᠢ ᠬᠣᠯᠪᠤᠭᠠ ᠲᠠᠢ ᠮᠥᠷᠳᠡᠨ ᠪᠠᠶᠢᠴᠠᠭᠠᠯᠲᠠ ᠶ᠋ᠢᠨ ᠠᠵᠢᠯᠯᠠᠭᠠ ᠶᠠᠪᠤᠭᠤᠯᠤᠭᠰᠠᠨ ᠒᠐᠘ ᢈᠡᠷᠡᢉ ᠲᠦ ᢈᠢᠨᠠᠯᠲᠠ ᠲᠠᠯᠪᠢᠵᠤ᠂ ᠘᠒ ᢈᠦᠮᠦᠨ ᠳ᠋ᠦ ᠬᠣᠯᠪᠤᠭᠳᠠᠬᠤ ᠕᠙ ᢈᠡᠷᠡᢉ ᠲᠦ ᠶᠠᠯᠯᠠᠬᠤ ᠳᠦᢉᠨᠡᠯᠲᠡ ᠦᠢᠯᠡᠳᠦᠵᠦ᠂ ᠰᠢᢉᠦᢈᠦ ᠳ᠋ᠦ ᠰᠢᠯᠵᠢᢉᠦᠯᠵᠡᠢ᠃
ᠰᠢᢉᠦᢈᠦ ᠳ᠋ᠦ ᠰᠢᠯᠵᠢᢉᠦᠯᠦᢉᠰᠡᠨ ᢈᠡᠷᠡᢉ ᠦ᠋ᠳ ᠨᠢ ᠥᠮᠴᠢᠯᠡᢈᠦ ᠡᠷᢈᠡ ᠶ᠋ᠢᠨ ᠡᠰᠡᠷᢉᠦ᠂ ᠠᠪᠢᠯᠭᠠ ᠶ᠋ᠢᠨ ᠡᠰᠡᠷᢉᠦ᠂ ᠡᠳ ᠦ᠋ᠨ ᠵᠠᠰᠠᠭ ᠤ᠋ᠨ ᢉᠡᠮᠲᠦ ᢈᠡᠷᠡᢉ ᠪᠣᠯᠣᠨ ᢈᠦᠷᠢᠶᠡᠯᠡᠨ ᠪᠠᠶᠢᠭᠠ ᠣᠷᠴᠢᠨ ᠤ᠋ ᠡᠰᠡᠷᢉᠦ ᢉᠡᠮᠲᠦ ᢈᠡᠷᠡᢉ ᠦ᠋ᠨ ᠤᠯᠠᠮ ᠠ᠋ᠴᠠ ᠪᠤᠢ ᠪᠣᠯᠤᠭᠰᠠᠨ ᢈᠥᠷᠦᠩᢉᠡ᠂ ᠮᠥᠩᢉᠦ᠂ ᠣᠷᠤᠯᠭᠠ ᠶ᠋ᠢ ᠨᠢᠭᠤᠨ ᠳᠠᠯᠳᠠᠯᠠᠭᠰᠠᠨ᠂ ᠬᠤᠪᠢᠷᠠᠭᠤᠯᠤᠭᠰᠠᠨ ᠦᠢᠯᠡᠳᠦᠯ ᠨᠦᢉᠦᠳ ᠪᠠᠶᠢᠨᠠ᠃
ᠮᠥᠷᠳᠡᠨ ᠰᠢᠯᠭᠠᠬᠤ ᠠᠵᠢᠯᠯᠠᠭᠠᠨ ᠤ᠋ ᠶᠠᠪᠤᠴᠠ ᠳ᠋ᠤ ᠑᠕᠒ ᠲᠡᠷᠪᠤᠮ ᠲᠥᢉᠦᠷᠢᢉ ᠦ᠋ᠨ ᠦᠯᠦ ᢈᠥᠳᠡᠯᢈᠦ ᢈᠥᠷᠦᠩᢉᠡ᠂ ᠲᠡᢉᠡᠪᠦᠷᠢ ᠶ᠋ᠢᠨ ᢈᠡᠷᠡᢉᠰᠡᠯ ᠦ᠋ᠨ ᠪᠦᠷᠢᠲᢉᠡᠯ᠂ ᠪᠠᠩᠬᠢ᠂ ᠪᠤᠰᠤᠳ ᠰᠠᠩᢈᠦ ᠶ᠋ᠢᠨ ᠪᠠᠶᠢᠭᠤᠯᠤᠯᠭᠠ ᠳ᠋ᠤ ᠪᠠᠶᠢᠭᠠ ᠮᠥᠩᢉᠦᠨ ᢈᠥᠷᠦᠩᢉᠡ ᠶ᠋ᠢᠨ ᢉᠦᠢᠯᢉᠡ ᠶ᠋ᠢᠨ ᠰᠢᠯᠵᠢᠯᠲᠡ ᢈᠥᠳᠡᠯᢉᠡᢉᠡᠨ ᠢ᠋ ᢈᠢᠵᠠᠭᠠᠷᠯᠠᠵᠤ᠂ ᠓᠗ ᠲᠡᠷᠪᠤᠮ ᠲᠥᢉᠦᠷᠢᢉ ᠦ᠋ᠨ ᠦᠨᠡ ᠶ᠋ᠢᠨ ᠳᠦᠨ ᠪᠦᢈᠦᠢ ᢈᠥᠷᠦᠩᢉᠡ ᠪᠢᠲᠡᢉᠦᠮᠵᠢᠯᠡᢈᠦ ᠠᠷᠭᠠ ᢈᠡᠮᠵᠢᠶᠡ ᠶ᠋ᠢ ᠠᠪᠤᠭᠰᠠᠨ ᠪᠠᠶᠢᠨᠠ᠃
ᠤᠯᠤᠰ ᠤ᠋ᠨ ᠶᠡᠷᠦᠩᢈᠡᠢ ᠫᠷᠣᠻᠦ᠋ᠷᠣᠷ ᠤ᠋ᠨ ᠭᠠᠵᠠᠷ ᠤ᠋ᠨ ᠡᠷᠦᢉᠦ ᠶ᠋ᠢᠨ ᠬᠠᠤᠯᠢ ᠲᠣᠭᠲᠠᠭᠠᠮᠵᠢ ᠶ᠋ᠢᠨ ᢈᠡᠷᠡᢉᠵᠢᠯᠲᠡ ᠶ᠋ᠢ ᠬᠠᠩᠭᠠᠭᠤᠯᠬᠤ ᠭᠠᠵᠠᠷ ᠤ᠋ᠨ ᠠᠪᠢᠯᠭᠠ᠂ ᠮᠥᠩᢉᠦ ᠤᠭᠠᠭᠠᠬᠤ ᢉᠡᠮᠲᠦ ᢈᠡᠷᠡᢉ ᠢ᠋ ᢈᠢᠨᠠᠨ ᠰᠢᠢᠳᠪᠦᠷᠢᠯᠡᢈᠦ ᢈᠡᠯᠲᠡᠰ ᠡᠴᠡ ᠠᠪᠢᠯᠭᠠ᠂ ᠮᠥᠩᢉᠦ ᠤᠭᠠᠭᠠᠬᠤ ᢉᠡᠮᠲᠦ ᢈᠡᠷᠡᢉ ᠲᠡᠢ ᠬᠣᠯᠪᠤᠭᠠ ᠲᠠᠢ ᠔ ᠲᠥᠷᠦᠯ ᠦ᠋ᠨ ᠰᠤᠳᠤᠯᠭᠠ ᢈᠢᠵᠡᠢ᠃
“ᠠᠪᠢᠯᠭᠠ ᠲᠠᠢ ᠲᠡᠮᠡᠴᠡᢈᠦ ᠦᠨᠳᠦᠰᠦᠨ ᠦ᠋ ᢈᠥᠲᠦᠯᠪᠦᠷᠢ”- ᠶ᠋ᠢ ᢈᠡᠷᠡᢉᠵᠢᢉᠦᠯᢈᠦ ᠠᠷᠭᠠ ᢈᠡᠮᠵᠢᠶᠡᠨ ᠦ᠋ ᠲᠥᠯᠦᠪᠯᠡᢉᠡᠨ ᠦ᠋ ᢈᠦᠷᠢᠶᠡᠨ ᠳ᠋ᠦ “ᠠᠪᠢᠯᠭᠠ᠂ ᠮᠥᠩᢉᠦ ᠤᠭᠠᠭᠠᠬᠤ ᢉᠡᠮᠲᠦ ᢈᠡᠷᠡᢉ ᠲᠡᠢ ᠲᠡᠮᠡᠴᠡᢈᠦ ᠠᠵᠢᠯᠯᠠᠭᠠᠨ ᠤ᠋ ᠦᠷᠡ ᠨᠥᠯᠦᢉᠡ ᠶ᠋ᠢ ᠳᠡᢉᠡᠰᠢᠯᠡᢉᠦᠯᢈᠦ ᠨᠢ” ᠰᠡᠳᠦᠪᠲᠦ ᠰᠤᠷᠭᠠᠯᠲᠠ ᢈᠡᠯᠡᠯᠴᠡᢉᠦᠯᢉᠡ ᠶ᠋ᠢ ᠠᠽᠢ ᠶ᠋ᠢᠨ ᠰᠠᠩ ᠲᠠᠢ ᠬᠠᠮᠲᠤᠷᠠᠨ ᠵᠣᢈᠢᠶᠠᠨ ᠪᠠᠶᠢᠭᠤᠯᠵᠤ᠂ ᠳᠡᢉᠡᠷᠡᢈᠢ ᠰᠤᠳᠤᠯᠭᠠᠨ ᠤ᠋ ᠦᠷᠡ ᠳᠦᠨ ᠢ᠋ ᠫᠷᠣᠻᠦ᠋ᠷᠣᠷ᠂ ᠮᠥᠷᠳᠡᢉᠴᠢ ᠨᠠᠷ ᠲᠤ ᠲᠠᠨᠢᠯᠴᠠᠭᠤᠯᠵᠤ᠂ ᠡᠨᠡ ᠲᠥᠷᠦᠯ ᠦ᠋ᠨ ᢉᠡᠮᠲᠦ ᢈᠡᠷᠡᢉ ᠢ᠋ ᠰᠢᠯᠭᠠᠨ᠂ ᠰᠢᠢᠳᠪᠦᠷᠢᠯᠡᢈᠦ ᠳ᠋ᠦ ᠠᠨᠬᠠᠷᠠᠬᠤ ᠠᠰᠠᠭᠤᠳᠠᠯ ᠤ᠋ᠨ ᠲᠠᠯᠠ ᠪᠠᠷ ᢈᠡᠯᠡᠯᠴᠡᠯᠡᢉᠡ᠃