ᠬᠪᠨᠭᠤ- ᠶ᠋ᠢᠨ ᠪᠠᠸᠠᠷᠢ ᠮᠤᠵᠢ ᠶ᠋ᠢᠨ ᠯᠠᠨᠳᠰᠬᠤᠲ ᠬᠣᠲᠠ ᠶ᠋ᠢᠨ ᠳᠠᠪᠠᠵᠤ ᠵᠠᠭᠠᠯᠳᠠᠬᠤ ᠱᠠᠲᠤ ᠶ᠋ᠢᠨ ᠰᠢᢉᠦᢈᠦ ᠶ᠋ᠢᠨ ᠶᠡᠷᠦᠩᢈᠡᠢ ᠰᠢᢉᠦᢉᠴᠢ ᠶ᠋ᠢᠨ ᠣᠷᠤᠯᠠᠭᠴᠢ ᠳᠷ. ᠱᠲᠧᠹᠠᠨ ᠫᠷᠢᠯᠯᠧᠷ ᠲᠡᠷᢉᠦᠲᠡᠢ ᠲᠥᠯᠥᢉᠡᠯᠡᢉᠴᠢᠳ ᠢ᠋ ᢈᠦᠯᠢᠶᠡᠨ ᠠᠪᠴᠤ ᠠᠭᠤᠯᠵᠠᠯᠠᠭᠠ
ᠤᠯᠤᠰ ᠤ᠋ᠨ ᠶᠡᠷᠦᠩᢈᠡᠢ ᠫᠷᠣᠻᠦ᠋ᠷᠣᠷ ᠤ᠋ᠨ ᠣᠷᠤᠯᠠᠭᠴᠢ ᠮ.ᠴᠢᠨᠪᠠᠲᠤ ᠬᠪᠨᠭᠤ- ᠶ᠋ᠢᠨ ᠪᠠᠸᠠᠷᠢ ᠮᠤᠵᠢ ᠶ᠋ᠢᠨ ᠯᠠᠨᠳᠰᠬᠤᠲ ᠬᠣᠲᠠ ᠶ᠋ᠢᠨ ᠳᠠᠪᠠᠵᠤ ᠵᠠᠭᠠᠯᠳᠠᠬᠤ ᠱᠠᠲᠤ ᠶ᠋ᠢᠨ ᠰᠢᢉᠦᢈᠦ ᠶ᠋ᠢᠨ ᠶᠡᠷᠦᠩᢈᠡᠢ ᠰᠢᢉᠦᢉᠴᠢ ᠶ᠋ᠢᠨ ᠣᠷᠤᠯᠠᠭᠴᠢ᠂ ᠳᠣᠻᠲᠣᠷ ᠱᠲᠧᠹᠠᠨ ᠫᠷᠢᠯᠯᠧᠷ ᠲᠡᠷᢉᠦᠲᠡᠢ ᠲᠥᠯᠥᢉᠡᠯᠡᢉᠴᠢᠳ ᠢ᠋ ᢈᠦᠯᠢᠶᠡᠨ ᠠᠪᠴᠤ ᠠᠭᠤᠯᠵᠠᠯᠠᠭᠠ᠃
ᠠᠭᠤᠯᠵᠠᠯᠲᠠ ᠶ᠋ᠢᠨ ᠦᠶᠡ ᠪᠡᠷ ᠪᠠᠸᠠᠷᠢ ᠮᠤᠵᠢ ᠶ᠋ᠢᠨ ᠫᠷᠣᠻᠦ᠋ᠷᠣᠷ ᠤ᠋ᠨ ᠪᠠᠶᠢᠭᠤᠯᠤᠯᠭᠠ ᠶ᠋ᠢᠨ ᠴᠠᢈᠢᠮ ᢈᠡᠷᠡᢉ ᠪᠦᠷᠢᠯᠳᠦᢉᠦᠯᠦᠯᠲᠡ᠂ ᠡᠷᠦᢉᠦ ᠶ᠋ᠢᠨ ᢈᠡᠷᠡᢉ ᢈᠢᠨᠠᠨ ᠰᠢᠢᠳᠪᠦᠷᠢᠯᠡᢈᠦ ᠠᠵᠢᠯᠯᠠᠭᠠᠨ ᠤ᠋ ᠴᠠᢈᠢᠮᠵᠢᠯᠲᠠ ᠶ᠋ᠢᠨ ᠲᠠᠯᠠ ᠪᠠᠷ ᠰᠠᠨᠠᠯ ᠰᠣᠯᠢᠯᠴᠠᠵᠤ᠂ ᠴᠠᠭᠠᠰᠢᠳᠠ ᠻᠢᠪᠧᠷ ᢉᠡᠮᠲᠦ ᢈᠡᠷᠡᢉ ᠪᠣᠯᠣᠨ ᠵᠠᢈᠢᠷᠭᠠᠨ ᠤ᠋ ᠮᠡᠷᢉᠡᠰᠢᢉᠰᠡᠨ ᠠᠯᠪᠠᠨ ᠬᠠᠭᠠᠭᠴᠢ ᠶ᠋ᠢᠨ ᠰᠤᠷᠭᠠᠯᠲᠠ ᠵᠣᢈᠢᠶᠠᠨ ᠪᠠᠶᠢᠭᠤᠯᠬᠤ ᠴᠢᢉᠯᠡᠯ ᠦ᠋ᠳ ᠢ᠋ᠶᠡᠷ ᠬᠠᠮᠲᠤᠷᠠᠨ ᠠᠵᠢᠯᠯᠠᠬᠤ ᠪᠠᠨ ᠢᠯᠡᠷᢈᠡᠶᠢᠯᠡᠪᠡ᠃
ᠮᠥᠨ ᠫᠷᠣᠻᠦ᠋ᠷᠣᠷ ᠪᠣᠯᠣᠨ ᠮᠥᠷᠳᠡᢉᠴᠢ ᠨᠠᠷ ᠲᠤ “ᠴᠠᢈᠢᠮ ᠬᠠᠪᠲᠠᠰᠤᠲᠤ ᢈᠡᠷᠡᢉ ᠨᠡᠪᠲᠡᠷᠡᢉᠦᠯᢈᠦ ᠨᠢ” ᠰᠡᠳᠦᠪᠲᠦ ᠰᠤᠷᠭᠠᠯᠲᠠ ᢈᠢᠵᠦ᠂ ᠲᠤᠰ ᠮᠤᠵᠢ ᠶ᠋ᠢᠨ ᠰᠢᢉᠦᢈᠦ᠂ ᠫᠷᠣᠻᠦ᠋ᠷᠣᠷ ᠤ᠋ᠨ ᠪᠠᠶᠢᠭᠤᠯᠤᠯᠭᠠ ᠳ᠋ᠤ ᠴᠠᢈᠢᠮ ᠬᠠᠪᠲᠠᠰᠤᠲᠤ ᢈᠡᠷᠡᢉ ᠨᠡᠪᠲᠡᠷᠡᢉᠦᠯᠦᢉᠰᠡᠨ ᠰᠠᠶᠢᠨ ᠲᠤᠷᠰᠢᠯᠭᠠ ᠪᠠᠨ ᠲᠠᠨᠢᠯᠴᠠᠭᠤᠯᠯᠠᠭᠠ᠃