ᠸᠢᠳᠧᠣ᠋ ᠮᠡᠳᠡᢉᠡ

ᠶᠡᠷᠦᠩᢈᠡᠢ ᠫᠷᠣᠻᠦ᠋ᠷᠣᠷ ᠪ.ᠵᠢᠷᠭᠠᠯᠰᠠᠶᠢᠬᠠᠨ ᠱᠬᠠᠪ- ᠤ᠋ᠨ ᢉᠢᠰᠢᢉᠦᠨ ᠣᠷᠤᠨ ᠤ᠋ᠳ ᠤ᠋ᠨ ᠶᠡᠷᠦᠩᢈᠡᠢ ᠫᠷᠣᠻᠦ᠋ᠷᠣᠷ ᠤ᠋ᠳ ᠤ᠋ᠨ ᠴᠢᠭᠤᠯᠭᠠᠨ ᠳ᠋ᠤ ᠣᠷᠣᠯᠴᠠᠯᠠᠭ᠎ᠠ

ᠶᠡᠷᠦᠩᢈᠡᠢ ᠫᠷᠣᠻᠦ᠋ᠷᠣᠷ ᠪ.ᠵᠢᠷᠭᠠᠯᠰᠠᠶᠢᠬᠠᠨ ᠱᠬᠠᠪ- ᠤ᠋ᠨ ᢉᠢᠰᠢᢉᠦᠨ ᠣᠷᠤᠨ ᠤ᠋ᠳ ᠤ᠋ᠨ ᠶᠡᠷᠦᠩᢈᠡᠢ ᠫᠷᠣᠻᠦ᠋ᠷᠣᠷ ᠤ᠋ᠳ ᠤ᠋ᠨ ᠴᠢᠭᠤᠯᠭᠠᠨ ᠳ᠋ᠤ ᠣᠷᠣᠯᠴᠠᠯᠠᠭ᠎ᠠ

ᠮᠣᠩᠭᠣᠯ ᠤᠯᠤᠰ ᠤ᠋ᠨ ᠶᠡᠷᠦᠩᢈᠡᠢ ᠫᠷᠣᠻᠦ᠋ᠷᠣᠷ ᠪ.ᠵᠢᠷᠭᠠᠯᠰᠠᠶᠢᠬᠠᠨ ᠣᠬᠤ- ᠶ᠋ᠢᠨ ᠻᠠᠽᠠᠨᠢ ᠬᠣᠲᠠᠨ᠎ᠠ ᠵᠣᢈᠢᠶᠠᠨ ᠪᠠᠶᠢᠭᠤᠯᠤᠭᠳᠠᠭᠰᠠᠨ ᠱᠠᠩᠬᠠᠢ ᠶ᠋ᠢᠨ ᠬᠠᠮᠲᠤ ᠶ᠋ᠢᠨ ᠠᠵᠢᠯᠯᠠᠭᠠᠨ ᠤ᠋ ᠪᠠᠶᠢᠭᠤᠯᠤᠯᠭ᠎ᠠ (ᠱᠬᠠᠪ)- ᠤ᠋ᠨ ᢉᠢᠰᠢᢉᠦᠨ ᠣᠷᠤᠨ ᠤ᠋ᠳ ᠤ᠋ᠨ ᠶᠡᠷᠦᠩᢈᠡᠢ ᠫᠷᠣᠻᠦ᠋ᠷᠣᠷ ᠤ᠋ᠳ ᠤ᠋ᠨ ᠴᠢᠭᠤᠯᠭᠠᠨ ᠳ᠋ᠤ ᠠᠵᠢᠭᠯᠠᠭᠴᠢ ᠶ᠋ᠢᠨ ᠰᠲᠠᠲᠤᠰ ᠲᠠᠢ ᠪᠠᠷ ᠣᠷᠣᠯᠴᠠᠯᠠᠭ᠎ᠠ᠃

ᠡᠨᠡ ᠤᠳᠠᠭ᠎ᠠ ᠶ᠋ᠢᠨ ᠴᠢᠭᠤᠯᠭᠠᠨ ᠢ᠋ “ᢉᠡᠷ ᠪᠦᠯᠢ ᠶ᠋ᠢᠨ ᠤᠯᠠᠮᠵᠢᠯᠠᠯᠲᠤ ᠦᠨᠡᠲᠦ ᠵᠦᠢᠯᠰ ᠢ᠋ ᠬᠠᠮᠠᠭᠠᠯᠠᠬᠤ᠂ ᠨᠠᠰᠤᠨ ᠳ᠋ᠤ ᢈᠦᠷᠦᢉᠡᠳᠦᠢ ᢈᠡᠦᢈᠡᠳ ᠢ᠋ ᢉᠡᠮᠲᠦ ᢈᠡᠷᠡᢉ ᠲᠦ ᠥᠷᠲᠡᢈᠦ ᠡᠴᠡ ᠤᠷᠢᠳᠴᠢᠯᠠᠨ ᠰᠡᠷᢉᠡᠶᠢᠯᠡᢈᠦ᠂ ᠬᠠᠮᠠᠭᠠᠯᠠᠬᠤ” ᠰᠡᠳᠦᠪ ᠦ᠋ᠨ ᠳᠣᠣᠷ᠎ᠠ ᠵᠣᢈᠢᠶᠠᠨ ᠪᠠᠶᠢᠭᠤᠯᠵᠠᠢ᠃ ᠴᠢᠭᠤᠯᠭᠠᠨ ᠳ᠋ᠤ ᠣᠷᠣᠰ᠂ ᠠᠽᠧᠷᠪᠠᠶᠢᠵᠠᠨ᠂ ᠪᠧᠯᠠᠷᠤᠰ᠂ ᠻᠠᠽᠠᠬᠰᠲᠠᠨ᠂ ᠻᠠᠲᠠᠷ᠂ ᠻᠢᠷᢉᠢᠽ᠂ ᠻᠤᠸᠧᠶᠢᠲ᠂ ᠯᠠᠣᠰ᠂ ᠮᠠᠯᠢᠳᠢᠸ᠂ ᠲᠠᠵᠢᠻᠰᠲᠠᠨ᠂ ᠤᠽᠪᠧᠻᠢᠰᠲᠠᠨ᠂ ᠢᠷᠠᠨ᠂ ᠫᠠᠻᠢᠰᠲᠠᠨ᠂ ᠠᠷᠠᠪ ᠤ᠋ᠨ ᠨᠢᢉᠡᠳᠦᢉᠰᠡᠨ ᠡᠮᠢᠷᠠᠲ᠂ ᠰᠠᠤᠳ ᠤ᠋ᠨ ᠠᠷᠠᠪ᠂ ᠡᠨᠡᠳ᠋ᢈᠡᢉ᠂ ᠱᠷᠢ ᠯᠠᠩᠻᠠ᠂ ᢈᠢᠲᠠᠳ᠂ ᠠᠹᠭᠠᠨᠢᠰᠲᠠᠨ᠂ ᠲᠦᠷᠻ ᠵᠡᠷᢉᠡ ᠒᠐ ᠭᠠᠷᠤᠢ ᠤᠯᠤᠰ ᠤ᠋ᠨ ᠶᠡᠷᠦᠩᢈᠡᠢ ᠫᠷᠣᠻᠦ᠋ᠷᠣᠷ ᠪᠣᠯᠣᠨ ᠪᠤᠰᠤᠳ ᠠᠯᠪᠠᠨ ᠲᠤᠰᠢᠶᠠᠯᠲᠠᠨ ᠨᠤᠭᠤᠳ ᠣᠷᠣᠯᠴᠠᠯᠠᠭ᠎ᠠ᠃

ᠫᠷᠣᠻᠦ᠋ᠷᠣᠷ ᠤ᠋ᠨ ᠪᠠᠶᠢᠭᠤᠯᠤᠯᠭ᠎ᠠ ᠨᠤᠭᠤᠳ ᠬᠣᠭᠣᠷᠣᠨᠳᠤ ᠬᠠᠷᠢᠯᠴᠠᠨ ᠮᠡᠳᠡᢉᠡᠯᠡᠯ᠂ ᠲᠤᠷᠰᠢᠯᠭ᠎ᠠ ᠰᠣᠯᠢᠯᠴᠠᠬᠤ᠂ ᠲᠡᠷᠡ ᠳᠤᠮᠳᠠ ᠪᠠᠨ ᠢᠨᠲᠧᠷᠨᠧᠲ ᠣᠷᠴᠢᠨ ᠳ᠋ᠤ ᢈᠡᠦᢈᠡᠳ ᠦ᠋ᠨ ᠡᠷᢈᠡ ᠶ᠋ᠢ ᠬᠠᠮᠠᠭᠠᠯᠠᠬᠤ ᠳ᠋ᠤ ᠤᠯᠤᠰ ᠣᠷᠤᠨ ᠪᠦᠷᠢ ᢈᠦᠴᠦᠨ ᠴᠢᠷᠮᠠᠶᠢᠯᠲᠠ ᠭᠠᠷᠭᠠᠵᠤ᠂ ᠬᠠᠮᠲᠤ ᠶ᠋ᠢᠨ ᠠᠵᠢᠯᠯᠠᠭ᠎ᠠ ᠶ᠋ᠢ ᠡᠷᠴᠢᠮᠵᠢᢉᠦᠯᢈᠦ ᠲᠠᠯ᠎ᠠ ᠪᠠᠷ ᠣᠷᠣᠯᠴᠠᠭᠴᠢᠳ ᠰᠠᠨᠠᠯ ᠰᠣᠯᠢᠯᠴᠠᠪᠠ᠃ ᠳᠡᢉᠡᠷᠡᢈᠢ ᠴᠢᠭᠤᠯᠭᠠᠨ ᠤ᠋ ᠦᠶ᠎ᠡ ᠪᠡᠷ ᠤᠯᠤᠰ ᠤ᠋ᠨ ᠶᠡᠷᠦᠩᢈᠡᠢ ᠫᠷᠣᠻᠦ᠋ᠷᠣᠷ ᠪ.ᠵᠢᠷᠭᠠᠯᠰᠠᠶᠢᠬᠠᠨ ᠣᠬᠤ- ᠶ᠋ᠢᠨ ᠶᠡᠷᠦᠩᢈᠡᠢ ᠫᠷᠣᠻᠦ᠋ᠷᠣᠷ ᠠ.ᠸ.ᠭᠤᠼᠠᠨ᠂ ᠻᠠᠽᠠᠬᠰᠲᠠᠨ ᠤᠯᠤᠰ ᠤ᠋ᠨ ᠶᠡᠷᠦᠩᢈᠡᠢ ᠫᠷᠣᠻᠦ᠋ᠷᠣᠷ ᠪ.ᠨ.ᠠᠰᠢᠯᠣᠸ ᠨᠠᠷ ᠲᠠᠢ ᠬᠣᠶᠠᠷ ᠲᠠᠯ᠎ᠠ ᠶ᠋ᠢᠨ ᠠᠭᠤᠯᠵᠠᠯᠲᠠ ᢈᠢᠯᠡᢉᠡ᠃

ᠮᠡᠳᠡᢉᠡ ᠶ᠋ᠢ ᠬᠤᠪᠢᠶᠠᠯᠴᠠᠬᠤ:
ᠬᠣᠯᠪᠣᠭᠣᠰᠤ ᠬᠠᠭᠤᠯᠤᠭᠳᠠᠯᠠᠭ᠎ᠠ