ᠸᠢᠳᠧᠣ᠋ ᠮᠡᠳᠡᢉᠡ

ᠬᠠᠤᠯᠢ ᠪᠤᠰᠤ ᠪᠠᠷ ᠮᠥᠷᠳᠡᠵᠦ ᠮᠥᠰᢉᠢᢈᠦ ᠨᠢ ᠡᠷᠦᢉᠦ ᠶ᠋ᠢᠨ ᠬᠠᠤᠯᠢ ᠪᠠᠷ ᠬᠣᠷᠢᠭᠯᠠᠭᠰᠠᠨ ᠦᠢᠯᠡᠳᠦᠯ ᠶᠤᠮ

ᠬᠠᠤᠯᠢ ᠪᠤᠰᠤ ᠪᠠᠷ ᠮᠥᠷᠳᠡᠵᠦ ᠮᠥᠰᢉᠢᢈᠦ ᠨᠢ ᠡᠷᠦᢉᠦ ᠶ᠋ᠢᠨ ᠬᠠᠤᠯᠢ ᠪᠠᠷ ᠬᠣᠷᠢᠭᠯᠠᠭᠰᠠᠨ ᠦᠢᠯᠡᠳᠦᠯ ᠶᠤᠮ

ᠬᠠᠤᠯᠢ ᠪᠤᠰᠤ ᠪᠠᠷ ᠮᠥᠷᠳᠡᠵᠦ ᠮᠥᠰᢉᠢᢈᠦ ᢉᠡᠮᠲᠦ ᢈᠡᠷᠡᢉ ᠨᠢ ᠒᠐᠑᠕ ᠣᠨ ᠤ᠋ ᠡᠷᠦᢉᠦ ᠶ᠋ᠢᠨ ᠬᠠᠤᠯᠢ ᠳ᠋ᠤ ᠰᠢᠨ᠎ᠡ ᠪᠡᠷ ᠲᠤᠰᠭᠠᠭᠳᠠᠭᠰᠠᠨ ᠰᠢᠨ᠎ᠡ ᠲᠥᠷᠦᠯ ᠦ᠋ᠨ ᢉᠡᠮᠲᠦ ᢈᠡᠷᠡᢉ ᠪᠥᢉᠡᠳ ᢈᠦᠮᠦᠨ ᠦ᠋ ᠡᠷᢈᠡ᠂ ᠡᠷᢈᠡ ᠴᠢᠯᠦᢉᠡ᠂ ᠬᠤᠪᠢ ᢈᠦᠮᠦᠨ ᠦ᠋ ᠬᠠᠯᠳᠠᠰᠭᠦᠢ ᠪᠠᠶᠢᠳᠠᠯ ᠢ᠋ ᠬᠠᠮᠠᠭᠠᠯᠠᠬᠤ ᠡᠷᢈᠡ ᠵᠦᠢ ᠶ᠋ᠢᠨ ᠪᠠᠲᠤᠯᠭ᠎ᠠ ᠶᠤᠮ᠃ ᠲᠧᢈᠨᠢᠻ ᠲᠧᢈᠨᠣᠯᠣᢉᠢ ᠶ᠋ᠢᠨ ᢈᠥᢉᠵᠢᠯ᠂ ᠴᠠᢈᠢᠮ ᠣᠷᠴᠢᠨ ᠤ᠋ ᢈᠡᠷᠡᢉᠯᠡᢉᠡ ᠲᠡᠢ ᠬᠣᠯᠪᠤᠭ᠎ᠠ ᠲᠠᠢ ᠪᠠᠷ ᠬᠠᠤᠯᠢ ᠪᠤᠰᠤ ᠪᠠᠷ ᠮᠥᠷᠳᠡᠵᠦ ᠮᠥᠰᢉᠢᢈᠦ ᢉᠡᠮᠲᠦ ᢈᠡᠷᠡᢉ ᠥᠰᠦᠵᠡᠢ᠃

ᠲᠤᠬᠠᠶᠢᠯᠪᠠᠯ ᠫᠷᠣᠻᠦ᠋ᠷᠣᠷ ᠤ᠋ᠨ ᠪᠠᠶᠢᠭᠤᠯᠤᠯᠭ᠎ᠠ ᠰᠡᢉᠦᠯ ᠦ᠋ᠨ ᠓ ᠵᠢᠯ ᠦ᠋ᠨ ᠪᠠᠶᠢᠳᠠᠯ ᠢ᠋ᠶᠠᠷ ᠬᠠᠤᠯᠢ ᠪᠤᠰᠤ ᠪᠠᠷ ᠮᠥᠷᠳᠡᠵᠦ ᠮᠥᠰᢉᠢᢈᠦ ᠑᠖ ᢈᠡᠷᠡᢉ ᠲᠦ ᠶᠠᠯᠯᠠᠬᠤ ᠳᠦᢉᠨᠡᠯᠲᠡ ᠦᠢᠯᠡᠳᠦᠵᠦ᠂ ᠰᠢᢉᠦᢈᠦ ᠳ᠋ᠦ ᠰᠢᠯᠵᠢᢉᠦᠯᠵᠦ ᠰᠢᠢᠳᠪᠦᠷᠢᠯᠡᢉᠰᠡᠨ ᠪᠠᠶᠢᠨ᠎ᠠ᠃

ᠡᠷᠦᢉᠦ ᠶ᠋ᠢᠨ ᠬᠠᠤᠯᠢ

᠑᠓.᠑᠒ ᠳᠤᠭᠠᠷ ᠵᠦᠢᠯ᠃ ᠬᠠᠤᠯᠢ ᠪᠤᠰᠤ ᠪᠠᠷ ᠮᠥᠷᠳᠡᠵᠦ ᠮᠥᠰᢉᠢᢈᠦ

᠑. ᠮᠥᠷᠳᠡᠨ ᠰᠢᠯᠭᠠᠬᠤ ᠠᠵᠢᠯᠯᠠᠭ᠎ᠠ ᠶᠠᠪᠤᠭᠤᠯᠬᠤ ᠡᠷᢈᠡ ᠦᢉᠡᠢ ᠡᠲᠡᢉᠡᠳ ᠪᠤᠰᠤᠳ ᠢ᠋ ᠮᠥᠷᠳᠡᠨ ᠮᠥᠰᢉᠢᢉᠰᠡᠨ ᠪᠣᠯ ᠖ ᠰᠠᠷ᠎ᠠ ᠠ᠋ᠴᠠ ᠑ ᠵᠢᠯ ᢈᠦᠷᠲᠡᠯᠡ ᠬᠤᠭᠤᠴᠠᠭ᠎ᠠ ᠪᠠᠷ ᠵᠣᠷᠴᠢᠬᠤ ᠡᠷᢈᠡ ᠶ᠋ᠢ ᢈᠢᠵᠠᠭᠠᠷᠯᠠᠬᠤ᠂ ᠡᠰᠡᢈᠦᠯ ᠖ ᠰᠠᠷ᠎ᠠ ᠠ᠋ᠴᠠ ᠑ ᠵᠢᠯ ᢈᠦᠷᠲᠡᠯᠡ ᠬᠤᠭᠤᠴᠠᠭ᠎ᠠ ᠪᠠᠷ ᠬᠣᠷᠢᠬᠤ ᠶᠠᠯ᠎ᠠ ᠰᠢᠢᠳ᠋ᢈᠡᠨ᠎ᠡ᠃

᠒. ᠡᠷᢈᠡ ᠪᠦᢈᠦᠢ ᠠᠯᠪᠠᠨ ᠲᠤᠰᠢᠶᠠᠯᠲᠠᠨ ᠠᠵᠢᠯ ᠡᢉᠦᠷᢉᠡ ᠪᠡᠨ ᢉᠦᠢᠴᠡᠳ᠋ᢈᠡᢈᠦ ᠶᠠᠪᠤᠴ᠎ᠠ ᠳ᠋ᠠᠭᠠᠨ ᠬᠠᠤᠯᠢ ᠵᠥᠷᠢᠴᠡᠵᠦ ᠮᠥᠷᠳᠡᠨ ᠰᠢᠯᠭᠠᠬᠤ ᠠᠵᠢᠯᠯᠠᠭ᠎ᠠ ᠶᠠᠪᠤᠭᠤᠯᠤᠭᠰᠠᠨ᠂ ᠬᠤᠪᠢ ᠶ᠋ᠢᠨ ᠵᠣᠷᠢᠯᠭ᠎ᠠ ᠪᠠᠷ ᠠᠯᠪᠠᠨ ᠤ᠋ ᠲᠧᢈᠨᠢᠻ ᢈᠡᠷᠡᢉᠰᠡᠯ ᠢ᠋ ᠠᠰᠢᠭᠯᠠᠨ ᠪᠤᠰᠤᠳ ᠢ᠋ ᠮᠥᠷᠳᠡᠵᠦ ᠮᠥᠰᢉᠢᢉᠰᠡᠨ ᠪᠣᠯ ᠕᠔᠐᠐ ᠨᠢᢉᠡᠴᠡ ᠡᠴᠡ ᠒᠗ ᠮᠢᠩᠭᠠᠨ ᠨᠢᢉᠡᠴᠡ ᠲᠡᠢ ᠲᠡᠨᠴᠡᢈᠦ ᢈᠡᠮᠵᠢᠶᠡᠨ ᠦ᠋ ᠲᠥᢉᠦᠷᠢᢉ ᠢ᠋ᠶᠡᠷ ᠲᠣᠷᠭᠠᠬᠤ᠂ ᠡᠰᠡᢈᠦᠯ ᠑ ᠵᠢᠯ ᠡᠴᠡ ᠕ ᠵᠢᠯ ᢈᠦᠷᠲᠡᠯᠡ ᠬᠤᠭᠤᠴᠠᠭ᠎ᠠ ᠪᠠᠷ ᠬᠣᠷᠢᠬᠤ ᠶᠠᠯ᠎ᠠ ᠰᠢᠢᠳ᠋ᢈᠡᠨ᠎ᠡ᠃

ᠮᠡᠳᠡᢉᠡ ᠶ᠋ᠢ ᠬᠤᠪᠢᠶᠠᠯᠴᠠᠬᠤ:
ᠬᠣᠯᠪᠣᠭᠣᠰᠤ ᠬᠠᠭᠤᠯᠤᠭᠳᠠᠯᠠᠭ᠎ᠠ