᠒᠐᠒᠖ ᠣᠨ ᠤ᠋ ᠑᠑ ᠳ᠋ᠦ᠋ᢉᠡᠷ ᠰᠠᠷᠠ ᠶ᠋ᠢᠨ ᠐᠑- ᠦ᠋ ᠡᠳᠦᠷ ᠡᠴᠡ ᢉᠡᠷ ᠪᠦᠯᠢ ᠶ᠋ᠢᠨ ᢈᠡᠷᠡᢉ ᠰᠢᢉᠦᢈᠦ ᠳ᠋ᠦ ᢈᠢᠨᠠᠨ ᠰᠢᠢᠳᠪᠦᠷᠢᠯᠡᢈᠦ ᠲᠤᠬᠠᠢ ᠠᠩᠬᠠᠳᠠᠭᠴᠢ ᠬᠠᠤᠯᠢ ᢈᠡᠷᠡᢉᠵᠢᠵᠦ ᠡᢈᠢᠯᠡᠯᠡ
᠒᠐᠒᠖ ᠣᠨ ᠤ᠋ ᠑᠑ ᠳ᠋ᠦ᠋ᢉᠡᠷ ᠰᠠᠷᠠ ᠶ᠋ᠢᠨ ᠐᠑- ᠦ᠋ ᠡᠳᠦᠷ ᠡᠴᠡ ᢉᠡᠷ ᠪᠦᠯᠢ ᠶ᠋ᠢᠨ ᢈᠡᠷᠡᢉ ᠰᠢᢉᠦᢈᠦ ᠳ᠋ᠦ ᢈᠢᠨᠠᠨ ᠰᠢᠢᠳᠪᠦᠷᠢᠯᠡᢈᠦ ᠲᠤᠬᠠᠢ ᠠᠩᠬᠠᠳᠠᠭᠴᠢ ᠬᠠᠤᠯᠢ ᢈᠡᠷᠡᢉᠵᠢᠵᠦ ᠡᢈᠢᠯᠡᠨᠡ᠃ ᠬᠠᠤᠯᠢ ᠪᠠᠲᠤᠯᠠᠭᠳᠠᠭᠰᠠᠨ ᠲᠠᠢ ᠬᠣᠯᠪᠤᠭᠠ ᠲᠠᠢ ᠪᠠᠷ ᠡᠷᠡᢉᠦᠦ ᠶ᠋ᠢᠨ ᠬᠠᠤᠯᠢ ᠪᠣᠯᠤᠨ ᠡᠷᠡᢉᠦᠦ ᠶ᠋ᠢᠨ ᢈᠡᠷᠡᢉ ᢈᠢᠨᠠᠨ ᠰᠢᠢᠳᠪᠦᠷᠢᠯᠡᢈᠦ ᠲᠤᠬᠠᠢ ᠬᠠᠤᠯᠢ ᠪᠣᠯᠤᠨ ᠪᠤᠰᠤᠳ ᠬᠠᠤᠯᠢ ᠨᠤᠭᠤᠳ ᠲᠤ ᠨᠡᠮᠡᠯᠲᠡ ᠥᢉᠡᠷᠡᠴᠢᠯᠡᠯᠲᠡ ᠣᠷᠤᠭᠰᠠᠨ᠃ ᠫᠷᠣᠻᠦ᠋ᠷᠣᠷ ᠤ᠋ᠨ ᠪᠠᠶᠢᠭᠤᠯᠤᠯᠭᠠ ᠠ᠋ᠴᠠ ᢈᠡᠷᠡᢉ ᢈᠢᠨᠠᠨ ᠰᠢᠢᠳᠪᠦᠷᠢᠯᠡᢈᠦ ᠠᠵᠢᠯᠯᠠᠭᠠ ᠳ᠋ᠠᢈᠢ ᢈᠡᠦᢈᠡᠳ ᠦ᠋ᠨ ᠡᠷᢈᠡ ᠶ᠋ᠢ ᠬᠠᠮᠠᠭᠠᠯᠠᠬᠤ᠂ ᠵᠥᠷᠢᠴᠡᢉᠳᠡᢈᠦ ᠡᠴᠡ ᠰᠡᠷᢉᠡᠶᠢᠯᠡᢈᠦ ᠵᠣᠷᠢᠯᠭᠠ ᠪᠠᠷ ᠬᠠᠤᠯᠢ ᠶ᠋ᠢᠨ ᠲᠥᠰᠦᠯ ᠳ᠋ᠦ ᠲᠣᠳᠤᠷᠬᠠᠢ ᠰᠠᠨᠠᠯ ᠤ᠋ᠳ ᠢ᠋ ᠥᢉᠦᢉᠰᠡᠨ ᠨᠢ ᠬᠠᠤᠯᠢ ᠳ᠋ᠤ ᠲᠤᠰᠬᠠᠭᠳᠠᠭᠰᠠᠨ᠃
ᠡᠷᠡᢉᠦᠦ ᠶ᠋ᠢᠨ ᠪᠣᠯᠤᠨ ᠡᠷᠡᢉᠦᠦ ᠶ᠋ᠢᠨ ᢈᠡᠷᠡᢉ ᢈᠢᠨᠠᠨ ᠰᠢᠢᠳᠪᠦᠷᠢᠯᠡᢈᠦ ᠲᠤᠬᠠᠢ ᠬᠠᠤᠯᠢ ᠳ᠋ᠤ ᢈᠡᠦᢈᠡᠳ ᠦ᠋ᠨ ᠡᠷᢈᠡ ᠶ᠋ᠢ ᠬᠠᠮᠠᠭᠠᠯᠠᠬᠤ ᠠᠰᠠᠭᠤᠳᠠᠯ ᠢ᠋ ᢈᠡᠷᢈᠢᠨ ᠲᠤᠰᠬᠠᠭᠰᠠᠨ ᠪᠡ?
ᢈᠡᠦᢈᠡᠳ ᠦ᠋ᠨ ᠡᠷᢈᠡ ᠶ᠋ᠢᠨ ᠻᠣᠨᠸᠧᠨᠼ ᠦ᠋ᠨ ᢈᠡᠷᠡᢉᠵᠢᠯᠲᠡ ᠶ᠋ᠢ ᠬᠠᠩᠭᠠᠬᠤ᠂ ᢉᠡᠮᠲᠦ ᢈᠡᠷᠡᢉ ᠦ᠋ᠨ ᠤᠯᠠᠮ ᠠ᠋ᠴᠠ ᠬᠣᢈᠢᠷᠠᠭᠰᠠᠨ᠂ ᠬᠣᠯᠪᠤᠭᠳᠠᠭᠰᠠᠨ ᢈᠡᠦᢈᠡᠳ ᠠᠯᠢ ᠨᠢ ᠴᠦ ᠪᠠᠶᠢ ᢈᠡᠦᢈᠡᠳ ᠦ᠋ᠨ ᠳᠡᢉᠡᠳᠦ ᠡᠷᢈᠡ ᠠᠰᠢᠭ ᠢ᠋ ᠬᠠᠮᠠᠭᠠᠯᠠᠬᠤ ᠵᠠᠷᠴᠢᠮ ᠢ᠋ ᠪᠠᠷᠢᠮᠲᠠᠯᠠᠨᠠ᠃ ᠥᠰᠪᠦᠷ ᠨᠠᠰᠤᠨ ᠤ᠋ ᠰᠡᠵᠢᢉᠲᠡᠨ᠂ ᠶᠠᠯᠯᠠᠭᠳᠠᠭᠴᠢ᠂ ᠰᠢᢉᠦᢉᠳᠡᢉᠴᠢ ᠶ᠋ᠢ “ᠥᠰᠪᠦᠷ ᠨᠠᠰᠤᠨ ᠤ᠋ ᢈᠦᠮᠦᠨ” ᢉᠡᠵᠦ ᠲᠣᠳᠤᠷᠬᠠᠶᠢᠯᠠᠵᠤ ᢈᠡᠷᠡᢉ ᢈᠢᠨᠠᠨ ᠰᠢᠢᠳᠪᠦᠷᠢᠯᠡᢈᠦ ᠠᠵᠢᠯᠯᠠᠭᠠ ᠶᠠᠪᠤᠭᠤᠯᠬᠤ᠂ ᠰᠢᠢᠳᠪᠦᠷᠢ ᠭᠠᠷᠭᠠᠬᠤ ᠳ᠋ᠤ ᠪᠠᠨ ᠥᠰᠪᠦᠷ ᠨᠠᠰᠤᠨ ᠤ᠋ ᢈᠦᠮᠦᠨ ᠦ᠋ ᠡᠷᢈᠡ᠂ ᠳᠡᢉᠡᠳᠦ ᠠᠰᠢᠭ ᠰᠣᠨᠢᠷᠬᠠᠯ ᠢ᠋ ᠬᠠᠩᠭᠠᠨᠠ ᢉᠡᠵᠦ ᠬᠠᠤᠯᠢ ᠳ᠋ᠤ ᠲᠤᠰᠬᠠᠵᠠᠢ᠃